ᠪᠤᠯᠠᠭᠠᠨБулган ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠯᠠᠭᠠᠨБулган

ᠪᠤᠯᠠᠭᠠᠨБулган

2024-05-30

303

ᠪᠤᠯᠠᠭᠠᠨ

               ᠦᠶᠡᠲᠦ ᠤᠷᠭᠤᠮᠠᠯ ᠤ᠋ᠨ ᠢᠵᠠᠭᠤᠷ 
       ᠨᠢᠭᠡ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ ᠰᠢᠯᠤᠭᠤᠨ ᠪᠤᠶᠤ ᠡᠪᠦᠳᠦᠭ ᠮᠡᠲᠦ ᠮᠤᠷᠤᠢᠵᠤ ᠤᠷᠭᠤᠨ᠎ᠠ᠂ ᠪᠤᠲᠠᠯᠠᠨ᠎ᠠ᠂ ᠦᠰᠦ ᠦᠭᠡᠢ᠂ 20 —60cm ᠥᠨᠳᠥᠷ ᠂ᠨᠠᠪᠴᠢᠨ ᠤ᠋ ᠲᠣᠭᠳᠣᠢ ᠨᠢ ᠦᠰᠦ ᠦᠭᠡᠢ᠂ ᠰᠤᠯᠠᠬᠠᠨ᠂ ᠬᠦᠷᠡᠢᠭᠰᠡᠨ ᠨᠢᠷᠤᠭᠤ ᠲᠠᠢ᠂ ᠬᠠᠮᠤᠭ ᠤ᠋ᠨ ᠳᠡᠭᠡᠷᠡᠬᠢ ᠨᠢᠭᠡ ᠨᠠᠪᠴᠢᠨ ᠤ᠋ ᠲᠣᠭᠳᠣᠢ ᠨᠢ ᠶᠡᠷᠦ ᠳ᠋ᠡᠭᠡᠨ ᠲᠣᠮᠣᠷᠠᠵᠤ ᠪᠠᠭ ᠴᠡᠴᠡᠭ ᠢ᠋ᠶ᠋ᠡᠨ ᠪᠠᠭᠯᠠᠳᠠᠭ; ᠨᠠᠪᠴᠢ ᠨᠢ ᠲᠡᠭᠰᠢᠬᠡᠨ ᠬᠠᠪᠲᠠᠭᠠᠢ ᠪᠤᠶᠤ ᠬᠤᠮᠢᠷᠠᠨ᠎ᠠ᠂ 5—25cm ᠤᠷᠲᠤ᠂ 3—6mm ᠥᠷᠭᠡᠨ᠃ ᠲᠦᠷᠦᠭᠦᠦ ᠬᠡᠯᠪᠡᠷᠢᠲᠦ ᠪᠠᠭ ᠴᠡᠴᠡᠭ ᠨᠢ 3—5cm ᠤᠷᠲᠤ᠂ ᠡᠰᠢᠨ ᠦ᠌ ᠣᠷᠣᠢ ᠳ᠋ᠤ᠌ 4—10 ᠪᠠᠷ ᠪᠠᠭᠯᠠᠷᠠᠨ ᠤᠷᠭᠤᠵᠤ ᠬᠤᠷᠤᠭᠤ ᠰᠢᠭ᠋ ᠰᠡᠷᠪᠡᠢᠨ ᠪᠠᠢᠷᠢᠯᠠᠨ᠎ᠠ᠂ ᠵᠢᠵᠢᠭ ᠲᠦᠷᠦᠭᠦᠦ ᠨᠢ 3—4mm ᠤᠷᠲᠤ᠂ ᠲᠤᠰ ᠪᠦᠷᠢ 2—3 ᠴᠡᠴᠡᠭ ᠲᠡᠢ᠂ ᠲᠦᠷᠦᠭᠦᠦ ᠶ᠋ᠢᠨ ᠲᠡᠩᠭᠡᠯᠢᠭ ᠦ᠋ᠨ ᠨᠢᠭᠡ ᠲᠠᠯ᠎ᠠ ᠳ᠋ᠤ᠌ ᠸᠠᠭᠠᠷᠯᠠᠭᠰᠠᠨ ᠮᠡᠲᠦ ᠢᠬᠴᠤ ᠪᠠᠢᠷᠢᠯᠠᠨ᠎ᠠ᠂ ᠡᠬᠢᠨ ᠳ᠋ᠡᠭᠡᠨ ᠨᠣᠭᠣᠪᠲᠤᠷ᠂ ᠪᠣᠯᠪᠠᠰᠤᠷᠠᠪᠠᠯ ᠪᠣᠷᠣ ᠪᠣᠯᠤᠨ᠎ᠠ; ᠨᠢᠭᠡᠳᠦᠭᠡᠷ ᠬᠠᠯᠢᠰᠤ ᠨᠢ 1.5—2mm ᠤᠷᠲᠤ᠂ ᠬᠣᠶᠠᠳᠤᠭᠠᠷ ᠬᠠᠯᠢᠰᠤ ᠨᠢ 3mm ᠣᠷᠴᠢᠮ ᠤᠷᠲᠤ᠂ ᠣᠷᠣᠢ ᠳ᠋ᠤᠨᠢ 0.5—1.5mm ᠤᠷᠲᠤ ᠰᠤᠷ ᠲᠠᠢ; ᠭᠠᠳᠠᠷ ᠬᠡᠪᠡᠭ ᠨᠢ 3—4mm ᠤᠷᠲᠤ᠂ ᠭᠤᠷᠪᠠᠨ ᠰᠤᠳᠠᠯ ᠲᠠᠢ ᠪᠠ ᠬᠣᠶᠠᠷ ᠬᠠᠵᠠᠭᠤ ᠶ᠋ᠢᠨ ᠰᠤᠳᠠᠯ ᠨᠢ ᠤᠷᠲᠤ ᠦᠰᠦ ᠲᠡᠢ᠂ ᠳᠤᠮᠳᠠ ᠠ᠋ᠴᠠ ᠳᠡᠭᠡᠭᠰᠢ ᠬᠡᠰᠡᠭ ᠦᠰᠦ ᠨᠢ ᠪᠠᠷᠤᠭ ᠬᠡᠪᠡᠭ ᠲᠡᠢ ᠪᠡᠨ ᠲᠡᠩᠴᠡᠭᠦᠦ ᠤᠷᠲᠤ; ᠰᠤᠷ ᠨᠢ ᠭᠠᠳᠠᠷ ᠬᠡᠪᠡᠭ ᠦ᠋ᠨ ᠦᠵᠦᠭᠦᠷ ᠦ᠋ᠨ ᠪᠠᠬᠠᠨ ᠳᠣᠣᠷᠠᠲᠤ ᠬᠡᠰᠡᠭ ᠡᠴᠡ ᠤᠷᠭᠤᠨ᠎ᠠ᠂ 5—15mm ᠤᠷᠲᠤ; ᠳᠣᠲᠣᠷ ᠬᠡᠪᠡᠭ ᠨᠢ ᠭᠠᠳᠠᠷ ᠬᠡᠪᠡᠭ ᠡᠴᠡ ᠪᠠᠬᠠᠨ ᠣᠬᠣᠷ; ᠦᠷᠡᠯᠡᠬᠦ ᠦᠭᠡᠢ ᠴᠡᠴᠡᠭ ᠦ᠋ᠨ ᠭᠠᠳᠠᠷ ᠬᠡᠪᠡᠭ ᠨᠢ ᠲᠡᠭᠰᠢᠬᠡᠨ ᠣᠷᠣᠢ ᠲᠠᠢ᠂ 2mm ᠤᠷᠲᠤ᠂ 4—8mm ᠤᠷᠲᠤ ᠰᠤᠷ ᠲᠠᠢ᠃ ᠠᠮᠤ ᠵᠢᠮᠢᠰ ᠨᠢ 2mm ᠬᠢᠷᠢ ᠤᠷᠲᠤ ᠶᠤᠮ᠃
     ᠵᠠᠮ ᠤ᠋ᠨ ᠬᠠᠵᠠᠭᠤ᠂ ᠠᠲᠠᠷ ᠬᠡᠭᠡᠷ᠎ᠡ᠂ ᠲᠠᠷᠢᠶᠠᠨ ᠤ᠋ ᠵᠠᠭᠠᠭ᠂ ᠡᠯᠡᠰᠦᠷᠬᠡᠭ ᠭᠠᠵᠠᠷ ᠲᠤ ᠪᠦᠷ ᠤᠷᠭᠤᠨ᠎ᠠ᠃ 
   ᠮᠠᠨ ‍ᠤ ᠤᠯᠤᠰ ᠤᠨ ᠡᠯ᠎ᠡ ᠮᠤᠵᠢ ᠣᠷᠣᠨ ᠳᠤ  ᠪᠦᠷ ᠤᠷᠭᠤᠳᠠᠭ᠃
   ᠬᠤᠵᠢᠷ ᠳᠤ ᠲᠡᠰᠪᠦᠷᠢᠲᠡᠢ ᠤᠷᠭᠤᠮᠠᠯ᠃ ᠮᠠᠯ ᠤᠨᠤᠭ᠎ᠠ᠂ ᠬᠣᠨᠢ᠂ ᠢᠮᠠᠭ᠎ᠠ ᠪᠦᠷ ᠢᠳᠡᠳᠡᠭ ᠡᠩ ᠦ᠋ᠨ ᠪᠡᠯᠴᠢᠭᠡᠷ ᠡᠪᠡᠰᠦ ᠮᠥᠨ᠃

    ᠬᠢᠲᠠᠳ ᠨᠡᠷ᠎ᠡ᠄虎尾草 
    ᠠᠩᠭ᠌ᠯᠢ ᠨᠡᠷ᠎ᠡ᠄ChIoris virgata Sw .


         ᠦᠰᠦᠭ ᠠᠮᠢᠯᠠᠭᠤᠯᠤᠭᠴᠢ᠄ ᠡᠷᠳᠡᠨᠢᠭᠣᠸ᠋᠎ᠠ
         ᠬᠢᠨᠠᠭᠴᠢ᠄ ᠲᠤᠶᠠᠭ᠎ᠠ