ᠡᠰᠡᠷᠭᠦᠦ ᠶ᠋ᠢ ᠰᠣᠨᠣᠰᠪᠠ - ᠳ· ᠨᠠᠴᠤᠭᠳᠣᠷᠵᠢЭсэргүүг сонсов-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠰᠡᠷᠭᠦᠦ ᠶ᠋ᠢ ᠰᠣᠨᠣᠰᠪᠠ - ᠳ· ᠨᠠᠴᠤᠭᠳᠣᠷᠵᠢЭсэргүүг сонсов-Д.Нацагдорж

ᠡᠰᠡᠷᠭᠦᠦ ᠶ᠋ᠢ ᠰᠣᠨᠣᠰᠪᠠ - ᠳ· ᠨᠠᠴᠤᠭᠳᠣᠷᠵᠢЭсэргүүг сонсов-Д.Нацагдорж

2024-05-30

245

ᠡᠰᠡᠷᠭᠦᠦ ᠶ᠋ᠢ ᠰᠣᠨᠣᠰᠪᠠ

               ᠳ· ᠨᠠᠴᠤᠭᠳᠣᠷᠵᠢ 

ᠪᠤᠷᠬᠠᠨ ᠪᠣᠳᠢᠰᠠᠳ᠋ᠸ᠎ᠠ ᠶ᠋ᠢᠨ ᠨᠣᠮᠯᠠᠯ ᠢ᠋ ᠦᠰᠦ ᠪᠡᠨ ᠴᠠᠢᠲᠠᠯ᠎ᠠ ᠡᠳᠦᠷ ᠪᠦᠷᠢ ᠤᠩᠰᠢᠭᠠᠳ 
ᠪᠤᠳᠤᠩᠭᠤᠢ ᠬᠣᠮᠣᠬᠠᠢ ᠰᠡᠳᠬᠢᠯ ᠢ᠋ ᠠᠭᠤᠯᠠ ᠳᠠᠯᠠᠢ ᠮᠡᠲᠦ ᠲᠡᠵᠢᠭᠡᠭᠰᠡᠨ ᠶᠠᠭᠤᠲᠠᠢ ᠬᠠᠲᠠᠭᠤ ᠰᠡᠳᠬᠢᠯ ᠪᠣᠢ?
ᠪᠣᠳᠢᠰᠠᠳ᠋ᠸ᠎ᠠ ᠶ᠋ᠢᠨ ᠠᠯᠲᠠᠨ ᠬᠥᠷᠥᠭ ᠢ᠋ ᠬᠣᠢᠨ᠎ᠠ ᠪᠠᠨ ᠰᠢᠲᠦᠵᠦ ᠨᠠᠮᠠᠨᠴᠢᠯᠠᠨ ᠮᠥᠷᠭᠥᠭᠡᠳ  
ᠪᠣᠰᠬᠠᠯ ᠤ᠋ᠨ ᠪᠢᠯᠠᠭᠤ ᠰᠢᠳᠠᠮ ᠢ᠋ ᠡᠮᠦᠨ᠎ᠡ ᠪᠡᠨ ᠪᠠᠷᠢᠵᠤ ᠪᠣᠰᠤᠭᠰᠠᠨ ᠶᠠᠮᠠᠷ ᠬᠣᠣᠷᠲᠤ ᠭᠠᠷ ᠬᠥᠯ ᠪᠣᠢ? 

ᠠᠭᠯᠠᠭ ᠣᠷᠣᠨ ᠳ᠋ᠤ᠌ ᠵᠠᠪᠢᠯᠠᠨ ᠰᠠᠭᠤᠭᠴᠢ ᠠᠷᠢᠭᠤᠨ ᠰᠠᠨᠸᠠᠷᠲᠠᠨ ᠭᠡᠰᠡᠨ ᠯᠠᠮᠠ ᠨᠠᠷ ᠤ᠋ᠨ ᠳᠣᠲᠣᠷ᠎ᠠ ᠠ᠋ᠴᠠ 
ᠠᠮᠢᠲᠠᠨ ᠪᠦᠬᠦᠨ ᠢ᠋ ᠠᠯᠠᠵᠤ ᠬᠢᠳᠤᠬᠤ ᠪᠤᠵᠠᠷ ᠶᠠᠷᠭᠠᠴᠢᠨ ᠪᠠᠰᠠ ᠭᠠᠷᠳᠠᠭ ᠠᠵᠢ᠃
ᠬᠣᠭᠣᠰᠣᠨ ᠴᠢᠨᠠᠷ ᠤ᠋ᠨ ᠨᠣᠮ ᠢ᠋ ᠪᠢᠰᠢᠯᠭᠠᠭᠰᠠᠨ ᠨᠢᠷᠸᠠᠨ ᠤ᠋ ᠰᠤᠷᠲᠠᠯᠳᠠᠨ ᠠ᠋ᠴᠠ
ᠬᠠᠷᠢᠨ ᠬᠥᠮᠦᠨ ᠦ᠌ ᠲᠡᠦᠬᠡᠨ ᠳ᠋ᠦ᠍ ᠦᠵᠡᠭᠳᠡᠭᠡ ᠦᠭᠡᠢ ᠬᠣᠣᠷᠲᠤ ᠶᠠᠪᠤᠳᠠᠯ ᠢ᠋ ᠦᠢᠯᠡᠳᠴᠡᠢ᠃

ᠵᠠᠭᠤᠨ ᠮᠢᠩᠭᠠᠨ ᠵᠢᠯ ᠳ᠋ᠦ᠍ ᠵᠡᠷᠯᠢᠭ ᠠᠭᠤᠯᠠ ᠬᠡᠭᠡᠷ᠎ᠡ ᠲᠠᠯ᠎ᠠ ᠶ᠋ᠢᠨ ᠳᠤᠮᠳᠠ
ᠵᠡᠪᠰᠡᠭ ᠪᠠᠷᠢᠵᠤ ᠵᠢᠭᠰᠠᠭᠰᠠᠨ ᠴᠡᠷᠢᠭ ᠦ᠋ᠨ ᠦᠢᠯᠡᠳᠦᠭᠡ ᠦᠭᠡᠢ ᠠᠯᠠᠯᠳᠤᠭᠠᠨ ᠢ᠋
ᠪᠠᠢᠨ ᠪᠠᠢᠭᠰᠠᠭᠠᠷ ᠪᠤᠷᠬᠠᠨ ᠰᠦᠮ᠎ᠡ ᠪᠣᠳᠢᠰᠠᠳ᠋ᠸ᠎ᠠ ᠶ᠋ᠢᠨ ᠬᠡᠢᠳ ᠦ᠋ᠨ ᠳᠣᠲᠣᠷ᠎ᠠ
ᠪᠣᠳᠢ ᠤᠩᠰᠢᠵᠤ ᠵᠠᠪᠢᠯᠠᠨ ᠰᠠᠭᠤᠭᠰᠠᠨ ᠯᠠᠮᠠ ᠨᠠᠷ ᠠ᠋ᠴᠠ ᠬᠡᠪ ᠭᠡᠨᠡᠳᠲᠡ ᠡᠭᠦᠰᠬᠡᠪᠡ᠃

ᠮᠣᠩᠭᠣᠯ ᠤ᠋ᠨ ᠠᠭᠤᠳᠠᠮ ᠰᠠᠢᠬᠠᠨ ᠣᠷᠣᠨ ᠳᠡᠭᠡᠷ᠎ᠡ ᠮᠢᠩᠭ᠎ᠠ ᠲᠦᠮᠡᠨ ᠵᠢᠯ ᠥᠩᠭᠡᠷᠡᠬᠦ ᠳ᠋ᠦ᠍
ᠮᠠᠨ ᠤ᠋ ᠲᠡᠦᠬᠡᠨ ᠳ᠋ᠦ᠍ ᠲᠣᠬᠢᠶᠠᠯᠳᠤᠭ᠎ᠠ ᠦᠭᠡᠢ ᠬᠣᠣᠷᠲᠤ ᠬᠥᠳᠡᠯᠭᠡᠭᠡᠨ ᠢ᠋
ᠰᠠᠨᠠᠮᠰᠠᠷ ᠦᠭᠡᠢ ᠰᠢᠷ᠎ᠠ ᠬᠠᠷ᠎ᠠ ᠹᠧᠣᠳᠠᠯ ᠨᠠᠷ ᠠ᠋ᠴᠠ ᠤᠳᠤᠷᠢᠳᠴᠤ
ᠱᠠᠰᠲᠢᠷ ᠲᠡᠦᠬᠡ ᠶ᠋ᠢ ᠬᠥᠮᠦᠨ ᠦ᠌ ᠴᠢᠰᠤ ᠪᠠᠷ ᠪᠤᠵᠠᠷᠯᠠᠪᠠ᠃

ᠭᠠᠳᠠᠭᠠᠳᠤ ᠶ᠋ᠢᠨ ᠣᠯᠠᠨ ᠪᠠᠢᠯᠳᠤᠭᠠᠨ ᠳᠠᠢᠯᠠᠯᠳᠤᠭᠠᠨ ᠳ᠋ᠤ᠌ ᠦᠷᠡᠭᠳᠡᠭᠡ ᠦᠭᠡᠢ
ᠬᠥᠮᠦᠨ ᠦ᠌ ᠣᠯᠠᠨ ᠠᠮᠢ ᠬᠥᠷᠥᠩᠭᠡ ᠶ᠋ᠢᠨ ᠶᠡᠬᠡ ᠰᠦᠢᠳᠬᠡᠯ ᠢ᠋
ᠭᠠᠢᠬᠠᠯ ᠰᠢᠷ᠎ᠠ ᠬᠠᠷ᠎ᠠ ᠹᠧᠣᠳᠠᠯ ᠨᠠᠷ ᠠ᠋ᠴᠠ ᠬᠥᠳᠡᠯᠭᠡᠭᠡᠨ ᠭᠠᠷᠭᠠᠵᠤ
ᠬᠠᠢᠷᠠᠨ ᠣᠯᠠᠨ ᠠᠷᠠᠳ ᠢ᠋ ᠬᠣᠣᠷᠯᠠᠨ ᠬᠠᠰᠢᠶ᠎ᠠ ᠮᠠᠯ ᠢ᠋ ᠲᠦᠢᠮᠡᠷᠳᠡᠵᠡᠢ᠃

ᠰᠦᠰᠦᠭ ᠴᠤᠤ ᠦᠭᠡ ᠪᠡᠷ ᠵᠡᠪᠰᠡᠭ ᠢ᠋ᠶ᠋ᠡᠨ ᠬᠢᠵᠦ
ᠬᠢᠲᠠᠳ ᠤ᠋ᠨ ᠬᠠᠷᠭᠢᠰ ᠭᠧᠨᠧᠷᠠᠯ ᠤ᠋ᠳ ᠢ᠋ᠶ᠋ᠠᠷ ᠨᠥᠬᠥᠷ ᠢ᠋ᠶ᠋ᠡᠨ ᠬᠢᠵᠦ
ᠰᠢᠨ᠎ᠡ ᠶᠢᠷᠲᠢᠨᠴᠦ ᠶ᠋ᠢᠨ ᠪᠠᠢᠳᠠᠯ ᠢ᠋ᠶ᠋ᠠᠷ ᠮᠠᠨᠳᠤᠵᠤ ᠪᠦᠬᠦᠢ ᠬᠤᠪᠢᠰᠬᠠᠯᠲᠤ ᠤᠯᠤᠰ ᠢ᠋ ᠡᠰᠡᠷᠭᠦᠴᠡᠭᠰᠡᠨ
ᠰᠢᠨᠤᠬᠠᠢ ᠬᠠᠷᠭᠢᠰ ᠰᠢᠷ᠎ᠠ ᠬᠠᠷ᠎ᠠ ᠹᠧᠣᠳᠠᠯ ᠤ᠋ᠳ ᠢ᠋ ᠱᠠᠰᠲᠢᠷ ᠲᠡᠦᠬᠡᠨ ᠳ᠋ᠦ᠍ ᠵᠠᠨᠤᠰᠤᠭᠠᠢ᠃

            1932 ᠣᠨ

    ᠦᠰᠦᠭ ᠠᠮᠢᠯᠠᠭᠤᠯᠤᠭᠴᠢ᠄ ᠰᠤᠳᠤᠯᠲᠤ
    ᠬᠢᠨᠠᠭᠴᠢ᠄ ᠣᠳᠬᠠᠨᠰᠣ᠎ᠠ