ᠬᠦᠷᠭᠡᠨ ᠬᠦᠦ - ᠳ· ᠨᠠᠴᠤᠭᠳᠣᠷᠵᠢХүргэн хүү-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠷᠭᠡᠨ ᠬᠦᠦ - ᠳ· ᠨᠠᠴᠤᠭᠳᠣᠷᠵᠢХүргэн хүү-Д.Нацагдорж

ᠬᠦᠷᠭᠡᠨ ᠬᠦᠦ - ᠳ· ᠨᠠᠴᠤᠭᠳᠣᠷᠵᠢХүргэн хүү-Д.Нацагдорж

2024-05-30

246

ᠬᠦᠷᠭᠡᠨ ᠬᠦᠦ

           ᠳ· ᠨᠠᠴᠤᠭᠳᠣᠷᠵᠢ 
1. ᠥᠷᠯᠥᠭᠡᠨ ᠦ᠌ ᠨᠠᠷᠠ ᠰᠠᠶᠢ ᠭᠠᠷᠴᠤ ᠠᠭᠤᠷ ᠴᠡᠴᠡᠭ ᠣᠷᠭᠢᠯᠤᠭᠤᠯᠤᠨ᠎ᠠ᠂
ᠥᠷᠭᠡᠨ ᠴᠢᠯᠥᠭᠡ ᠪᠡᠷ ᠨᠢᠭᠡ ᠴᠤ ᠬᠥᠮᠦᠨ ᠦᠯᠦ ᠦᠵᠡᠭᠳᠡᠨ ᠨᠣᠬᠠᠢ ᠪᠠᠰᠠ ᠤᠨᠲᠠᠵᠤ ᠪᠠᠢᠨ᠎ᠠ᠃
ᠥᠨᠥᠬᠢ ᠬᠠᠷ᠎ᠠ ᠬᠥᠮᠦᠨ ᠳᠠᠮᠨᠠᠭᠤᠷᠴᠢᠨ ᠤ᠋ ᠭᠤᠳᠤᠮᠵᠢᠨ ᠠ᠋ᠴᠠ ᠰᠦᠮᠡᠯᠵᠡᠨ ᠭᠠᠷᠴᠤ ᠢᠷᠡᠭᠡᠳ 
ᠦᠯᠪᠡᠯᠵᠡᠨ ᠰᠦᠯᠪᠡᠯᠵᠡᠨ ᠠᠯᠲᠠ ᠳᠡᠯᠢᠮ ᠢ᠋ᠶ᠋ᠡᠷ ᠠᠯᠬᠤᠯᠠᠨ᠎ᠠ᠃
2. ᠡᠪᠦᠯ ᠦ᠋ᠨ ᠬᠦᠢᠲᠡᠨ ᠬᠠᠩᠭᠢᠨᠠᠵᠤ ᠪᠠᠢᠲᠠᠯ᠎ᠠ ᠳᠠᠩ ᠰᠠᠷᠮᠠᠢ ᠳᠡᠪᠡᠯ ᠲᠡᠢ 
ᠥᠷᠥᠭᠡᠰᠦᠨ ᠭᠠᠷ ᠢ᠋ᠶ᠋ᠠᠨ ᠡᠪᠦᠷ ᠲᠡᠭᠡᠨ ᠬᠢᠵᠦ ᠪᠠᠰᠠ ᠨᠥᠭᠦᠭᠡ ᠭᠠᠷ ᠲᠠᠭᠠᠨ ᠲᠠᠶᠠᠭ ᠪᠠᠷᠢᠵᠠᠢ᠃
ᠥᠷᠭᠥᠭᠡ ᠭᠡᠷ ᠨᠢ ᠬᠠᠮᠢᠭ᠎ᠠ ᠪᠣᠢ ᠭᠡᠪᠡᠯ ᠬᠦᠷᠢᠶ᠎ᠡ ᠨᠡᠢᠲᠡ ᠬᠣᠷᠣᠭ᠎ᠠ ᠳᠠᠶᠠᠭᠠᠷ᠂ 
ᠥᠴᠥᠭᠡᠳᠦᠷ ᠰᠥᠨᠢ ᠬᠡᠨ ᠦ᠌ ᠳ᠋ᠦ᠍ ᠨᠣᠢᠷᠰᠤᠪᠠ ᠭᠡᠪᠡᠯ ᠬᠤᠸᠠᠷ ᠬᠡᠦᠬᠡᠨ ᠦ᠌ ᠬᠠᠯᠠᠭᠤᠨ ᠬᠠᠨᠵᠤᠨ ᠳᠡᠭᠡᠷ᠎ᠡ᠃
3. ᠬᠠᠷᠠᠩᠭᠤᠢ ᠰᠥᠨᠢ ᠶᠠᠪᠤᠬᠤ ᠳᠠᠳᠤᠯ ᠲᠠᠢ᠂ ᠬᠠᠨᠴᠤ ᠳ᠋ᠠᠭᠠᠨ ᠭᠡᠷᠡᠯᠲᠡᠢ ᠺᠠᠷᠮᠠᠨ ᠳ᠋ᠠᠭᠠᠨ ᠬᠢᠲᠤᠭ᠎ᠠ ᠲᠠᠢ᠃
ᠭᠤᠳᠤᠮᠵᠢᠨ ᠤ᠋ ᠨᠣᠬᠠᠢ ᠲᠠᠭᠠᠷᠢᠯᠳᠤᠪᠴᠤ ᠭᠥᠯᠥᠭᠡ ᠭᠡᠪᠡᠯ ᠲᠡᠭᠦᠨ ᠢ᠋ ᠲᠠᠨᠢᠭᠠᠳ ᠪᠤᠴᠠᠨ᠎ᠠ᠃
ᠬᠥᠭᠰᠢᠨ ᠬᠥᠮᠦᠨ ᠢ᠋ ᠬᠠᠭᠤᠷᠴᠤ ᠴᠢᠳᠠᠨ᠎ᠠ᠂ ᠬᠡᠦᠬᠡᠳ ᠬᠥᠮᠦᠨ ᠢ᠋ ᠠᠶᠤᠯᠭᠠᠵᠤ ᠴᠢᠳᠠᠨ᠎ᠠ᠃
ᠬᠡᠦᠬᠡᠨ ᠬᠥᠮᠦᠨ ᠢ᠋ ᠬᠥᠭᠡᠭᠡᠵᠦ ᠴᠤ ᠴᠢᠳᠠᠨ᠎ᠠ᠂ ᠡᠬᠡᠨᠡᠷ ᠬᠥᠮᠦᠨ ᠢ᠋ ᠡᠷᠭᠢᠭᠦᠯᠵᠦ ᠴᠤ ᠴᠢᠳᠠᠨ᠎ᠠ᠃
4. ᠨᠢᠳᠦᠨ ᠳ᠋ᠡᠭᠡᠨ ᠲᠣᠮᠣ ᠲᠥᠭᠥᠷᠢᠭ ᠰᠢᠯ ᠬᠢᠵᠦ᠂ ᠬᠥᠮᠦᠨ ᠲᠡᠢ ᠠᠭᠤᠯᠵᠠᠪᠠᠯ ᠬᠥᠮᠥᠰᠬᠡ ᠪᠡᠨ ᠵᠠᠩᠭᠢᠳᠤᠨ᠎ᠠ᠃
ᠨᠢᠭᠤᠷ ᠲᠠᠭᠠᠨ ᠪᠠᠭ᠎ᠠ ᠪᠠᠭ᠎ᠠ ᠣ ᠲᠠᠯᠪᠢᠵᠤ ᠬᠡᠦᠬᠡᠨ ᠲᠡᠢ ᠠᠭᠤᠯᠵᠠᠪᠠᠯ ᠪᠠᠰᠠ ᠯᠠ ᠵᠢᠭᠠᠬᠠᠨ ᠳ᠋ᠦᠨᡁᠢ( ᠦᠨᠦᠷᠲᠡᠢ ᠤᠰᠤ) ᠦᠨᠦᠷᠳᠡᠭᠦᠯᠦᠨ᠎ᠡ᠃
ᠬᠢᠳᠡᠭ ᠠᠵᠢᠯ ᠨᠢ ᠶᠠᠭᠤ ᠪᠣᠢ ᠭᠡᠪᠡᠯ ᠬᠡᠰᠦᠬᠦ ᠲᠡᠨᠦᠬᠦ ᠬᠡᠷᠡᠯᠳᠦᠬᠦ ᠵᠣᠳᠣᠯᠳᠤᠬᠤ ᠬᠠ ᠶᠠ᠂ ᠬᠠ ᠶᠠ᠃
ᠬᠢᠴᠢᠶᠡᠯ ᠡᠷᠳᠡᠮ ᠨᠢ ᠠᠯᠢ ᠪᠣᠢ ᠭᠡᠪᠡᠯ ᠬᠡᠦᠬᠡᠨ ᠮᠡᠦᠬᠡᠨ᠂ ᠬᠥᠵᠥᠷ ᠳᠠᠯᠤᠤ᠂ ᠠᠷᠢᠬᠢ ᠳᠠᠷᠠᠰᠤ᠂ ᠠᠯᠢᠶ᠎ᠠ ᠵᠤᠭ᠎ᠠ᠃
5. ᠥᠴᠥᠭᠡᠳᠦᠷ ᠭᠠᠷ ᠲᠠᠷᠢᠭᠤᠯᠤᠭᠰᠠᠨ᠂ ᠥᠩᠭᠡᠷᠡᠭᠰᠡᠨ ᠰᠥᠨᠢ ᠨᠣᠢᠷ ᠪᠠᠰᠠ ᠳᠤᠲᠠᠭᠤ᠂
ᠥᠨᠥ ᠥᠷᠯᠥᠭᠡ ᠵᠢᠪᠠᠷ ᠪᠠᠰᠠ ᠴᠢᠩᠭ᠎ᠠ᠂ ᠣᠳᠣ ᠬᠠᠮᠢᠭᠠᠰᠢ ᠪᠠᠨ ᠣᠴᠢᠬᠤ ᠪᠢᠯᠡ᠃
ᠥᠨᠥᠬᠢ ᠠᠢᠯ ᠳ᠋ᠤ᠌ ᠣᠷᠣᠶ᠎ᠠ ᠤᠤ᠂ ᠥᠷᠯᠥᠭᠡᠨ ᠦ᠌ ᠴᠠᠢ ᠶ᠋ᠢ ᠨᠢ ᠫᠤᠤᠳᠠᠶ᠎ᠠ ᠤᠤ?
ᠥᠨᠳᠥᠷ ᠬᠣᠷᠰᠢᠶᠠᠨ ᠳ᠋ᠤ᠌ ᠣᠷᠣᠶ᠎ᠠ ᠤᠤ᠂ ᠥᠨᠥᠬᠢ ᠬᠡᠦᠬᠡᠨ ᠢ᠋ ᠬᠦᠯᠢᠶᠡᠶ᠎ᠡ ᠤᠤ?
6. ᠤᠤᠭᠤᠬᠤ ᠢᠳᠡᠬᠦ ᠶ᠋ᠢ ᠶᠠᠭᠠᠷᠠᠬᠤ ᠳ᠋ᠠᠭᠠᠨ ᠤᠷᠲᠤ ᠬᠥᠯ ᠢ᠋ᠶ᠋ᠡᠨ ᠭᠤᠷᠪᠠᠳᠤᠭᠠᠷ ᠠᠷᠠᠭᠠᠨ ᠳ᠋ᠤ᠌ ᠵᠠᠯᠭᠠᠪᠠ᠃
ᠤᠭᠤᠴᠠ ᠪᠠᠨ ᠡᠭᠦᠷᠴᠦ ᠡᠯᠢᠭᠡ ᠪᠡᠨ ᠲᠡᠪᠡᠷᠢᠭᠡᠳ ᠤᠷᠲᠤ ᠬᠣᠷᠣᠭ᠎ᠠ ᠤᠷᠤᠭᠤ ᠬᠠᠷᠠᠢᠯᠭᠠᠪᠠ᠃
ᠭᠤᠳᠤᠮᠵᠢᠨ ᠤ᠋ ᠳᠤᠮᠳᠠ ᠨᠢᠭᠡ ᠶᠠᠭᠤᠮᠠᠨ ᠤ᠋ ᠦᠨᠦᠷ ᠥᠨᠳᠥᠷ ᠬᠠᠮᠠᠷ ᠢ᠋ ᠴᠣᠬᠢᠪᠠ᠃
ᠭᠤᠷᠪᠠᠨᠲᠠ ᠰᠢᠨᠵᠢᠵᠦ ᠡᠰᠢ ᠳᠠᠰᠢ ᠬᠡᠳᠦᠨᠲᠡ ᠬᠠᠷᠠᠭᠠᠳ ᠲᠡᠷᠡ ᠵᠦᠭ ᠲᠡᠮᠡᠦᠯᠪᠡ᠃
7. ᠲᠡᠷᠡ ᠠᠢᠯ ᠤ᠋ᠨ ᠡᠭᠦᠳᠡᠨ ᠳ᠋ᠦ᠍ ᠣᠴᠢᠭᠠᠳ ᠳᠡᠪᠡᠯ ᠢ᠋ᠶ᠋ᠡᠨ ᠵᠠᠰᠠᠵᠤ ᠮᠠᠯᠠᠭᠠᠢ ᠪᠠᠨ ᠲᠡᠭᠰᠢᠯᠡᠨ᠎ᠡ᠃
ᠳᠡᠷᠭᠡᠳᠡᠭᠦᠷ ᠢ᠋ᠶ᠋ᠡᠨ ᠬᠥᠮᠦᠨ ᠭᠠᠷᠬᠤ ᠳ᠋ᠤ᠌ ᠳᠡᠭᠡᠭᠦᠷ ᠬᠠᠷᠠᠵᠤ ᠲᠥᠪ ᠪᠠᠢᠳᠠᠯ ᠢ᠋ ᠭᠠᠷᠭᠠᠨ᠎ᠠ᠃
ᠨᠢᠳᠦᠨ ᠦ᠌ ᠪᠡᠨ ᠰᠢᠯ ᠢ᠋ ᠠᠷᠴᠢᠵᠤ ᠨᠢᠭᠤᠷ ᠤ᠋ᠨ ᠢ᠋ᠶ᠋ᠠᠨ ᠲᠣᠭᠣᠰᠣ ᠶ᠋ᠢ ᠴᠡᠪᠡᠷᠯᠡᠨ᠎ᠡ᠃
ᠨᠢᠰᠦ ᠪᠡᠨ ᠨᠢᠭᠡᠵᠦ ᠬᠣᠭᠣᠯᠠᠢ ᠪᠠᠨ ᠵᠠᠰᠠᠨ ᠬᠣᠶᠠᠷ ᠭᠤᠷᠪᠠ ᠬᠠᠨᠢᠶᠠᠭᠠᠳ ᠣᠷᠣᠪᠠ᠃
8.ᠣᠯᠠᠨ ᠬᠥᠮᠦᠨ ᠲᠤᠯᠭ᠎ᠠ ᠲᠣᠭᠣᠷᠢᠨ ᠰᠠᠭᠤᠬᠤ ᠳ᠋ᠤᠨᠢ ᠲᠣᠯᠣᠭᠠᠢ ᠳᠠᠷᠠᠭᠠᠯᠠᠨ ᠮᠠᠨᠳᠤᠯᠠᠪᠠ ᠃
ᠣᠷᠣᠨ ᠳᠡᠭᠡᠷ᠎ᠡ ᠨᠢ ᠰᠠᠨᠳᠠᠢᠯᠠᠭᠠᠳ ᠣᠯᠠᠨ ᠬᠡᠯᠡ ᠶᠢ ᠬᠣᠯᠢᠵᠤ ᠶᠠᠷᠢᠨ᠎ᠠ ᠃
ᠴᠠᠢ ᠠᠪᠴᠢᠷᠠᠭᠠᠳ ᠥᠭᠬᠦ ᠳ᠋ᠤᠨᠢ᠄《ᠵᠠ᠂ ᠵᠠ  ᠵᠦᠭᠡᠷ ᠵᠦᠭᠡᠷ》ᠭᠡᠨ᠎ᠡ᠃
ᠴᠠᠰᠢ ᠪᠠᠨ ᠠᠪᠤᠭᠠᠳ ᠶᠠᠪᠤᠬᠤ ᠳ᠋ᠤᠨᠢ᠄《ᠵᠠ᠂ ᠶᠠᠭᠠᠬᠢᠬᠤ ᠪᠣᠢ ᠨᠢᠭᠡ ᠬᠢᠭᠡᠳ ᠠᠯᠢ》ᠭᠡᠨ᠎ᠡ᠃
9.ᠪᠤᠭᠤᠷᠤᠯ ᠲᠣᠯᠣᠭᠠᠢ ᠲᠠᠢ ᠡᠮᠡᠭᠡᠨ ᠪᠤᠳᠠᠭ᠎ᠠ ᠲᠠᠢ ᠴᠠᠢ ᠬᠢᠭᠡᠳ 
ᠪᠤᠪᠠᠷ ᠪᠤᠪᠠᠷ ᠬᠦᠯᠬᠦᠵᠦ ᠪᠤᠢᠯᠠ ᠵᠠᠪᠠᠵᠢ ᠪᠠᠨ ᠪᠤᠨᠳᠠᠢᠯᠭᠠᠨ᠎ᠠ᠃
ᠥᠨᠥᠬᠢ ᠬᠥᠮᠦᠨ ᠦ᠌ ᠥᠯᠥᠰᠦᠭᠰᠡᠨ ᠢ᠋ ᠬᠡᠯᠡᠬᠦ ᠤᠤ᠂ ᠥᠨᠥᠬᠢ ᠴᠢᠪᠠᠭᠠᠨᠴᠠ ᠶ᠋ᠢᠨ ᠢᠳᠡᠬᠦ ᠶ᠋ᠢ ᠬᠡᠯᠡᠬᠦ ᠤᠤ
ᠡᠮᠬᠦᠵᠦ ᠬᠦᠯᠬᠦᠵᠦ ᠪᠠᠢᠭ᠎ᠠ ᠠᠮᠠᠨ ᠳ᠋ᠤᠨᠢ ᠥᠳᠥ ᠬᠣᠷᠣᠬᠠᠢ ᠬᠥᠳᠡᠯᠦᠨ᠎ᠡ᠃

10. ᠪᠠᠷᠠᠭᠤᠨᠲᠠᠢ ᠰᠠᠭᠤᠭᠰᠠᠨ ᠬᠡᠦᠬᠡᠨ ᠦ᠌ ᠬᠥᠭᠡᠷᠦᠬᠦᠨ ᠢ᠋ ᠬᠡᠯᠡᠬᠦ ᠤᠤ 
ᠫᠢᠯᠨᠨ ᠳᠣᠲᠣᠷ᠎ᠠ ᠪᠠᠢᠭ᠎ᠠ ᠮᠢᠬᠠᠨ ᠤ᠋ ᠰᠠᠢᠬᠠᠨ ᠢ᠋ ᠬᠡᠯᠡᠬᠦ ᠤᠤ
ᠬᠣᠷᠣᠬᠠᠢ ᠶ᠋ᠢ ᠬᠥᠳᠡᠯᠭᠡᠭᠰᠡᠨ ᠲᠡᠭᠦᠨ ᠦ᠌ ᠨᠢᠳᠦ ᠨᠢ ᠬᠣᠶᠠᠷ ᠪᠡᠶ᠎ᠡ ᠳᠡᠭᠡᠷ᠎ᠡ ᠡᠭᠡᠯᠵᠢᠯᠡᠨ ᠲᠤᠰᠬᠤ ᠳ᠋ᠤ᠌
ᠬᠣᠢᠭᠤᠷ ᠤᠷᠳᠤᠭᠤᠷ ᠰᠠᠭᠤᠭᠰᠠᠨ ᠬᠡᠦᠬᠡᠳ ᠦ᠋ᠨ ᠰᠢᠪᠡᠷ ᠠᠪᠠᠷ ᠶᠠᠷᠢᠯᠴᠠᠬᠤ ᠨᠢ ᠬᠡᠴᠡᠭᠦᠦ᠃

11. ᠬᠥᠭᠰᠢᠨ ᠠᠪᠠᠭᠠᠢ ᠶ᠋ᠢ ᠡᠮᠡᠭᠡ ᠠ᠋ ᠭᠡᠵᠦ ᠠᠷᠭᠠᠳᠠᠭᠠᠳ ᠡᠯᠳᠡᠪ ᠶᠠᠭᠤᠮ᠎ᠠ ᠶᠠᠷᠢᠵᠤ
ᠬᠥᠭᠡᠷᠦᠬᠦᠨ ᠬᠡᠦᠬᠡᠨ ᠢ᠋ ᠳᠡᠭᠦᠦ ᠮᠢᠨᠢ ᠭᠡᠵᠦ ᠡᠨᠡ ᠲᠡᠷᠡ ᠶ᠋ᠢ ᠠᠰᠠᠭᠤᠨ᠎ᠠ᠃
ᠬᠠᠭᠤᠴᠢᠨ ᠲᠠᠨᠢᠯ ᠭᠡᠵᠦ ᠬᠤᠳᠠᠯ ᠬᠡᠯᠡᠨ᠂ ᠬᠣᠷᠰᠢᠶᠠᠨ ᠤ᠋ ᠲᠦᠰᠢᠮᠡᠯ ᠭᠡᠵᠦ ᠴᠡᠮᠴᠡᠭᠡᠷ ᠰᠠᠭᠤᠨ᠎ᠠ᠃
ᠬᠠᠭᠤᠳᠠᠰᠤ ᠪᠢᠴᠢᠭ ᠢ᠋ ᠭᠠᠷᠭᠠᠵᠤ ᠬᠡᠢ ᠭᠠᠢᠬᠠᠭᠤᠯᠤᠨ ᠬᠤᠪᠢ ᠴᠠᠯᠢᠩ ᠶᠡᠬᠡ ᠲᠡᠢ ᠭᠡᠵᠦ ᠬᠡᠪ ᠶᠠᠷᠢᠨ᠎ᠠ
12ᠥᠷᠯᠥᠭᠡᠨ ᠦ᠌ ᠴᠠᠢ ᠶ᠋ᠢᠨ ᠶᠠᠷᠢᠶ᠎ᠠ ᠦᠳᠡᠰᠢ ᠶ᠋ᠢᠨ ᠬᠣᠭᠣᠯᠠᠨ ᠤ᠋ ᠦᠶ᠎ᠡ ᠳ᠋ᠦ᠍ ᠬᠡᠷᠪᠡ᠃
ᠥᠨᠥᠬᠢ ᠬᠥᠮᠦᠨ ᠬᠡᠳᠦᠢᠨᠡᠢ ᠬᠣᠢᠮᠣᠷ ᠰᠠᠭᠤᠪᠠ᠂ ᠬᠣᠭᠣᠯᠠ ᠬᠢᠬᠦ ᠪᠣᠯᠪᠠ᠃
ᠬᠡᠰᠡᠭ ᠮᠢᠬ᠎ᠠ ᠶ᠋ᠢ ᠲᠠᠰᠤ ᠲᠠᠰᠤ ᠴᠠᠪᠴᠢᠨ᠂ ᠪᠦᠳᠦᠭᠦᠨ ᠥᠭᠡᠬᠦ ᠶ᠋ᠢ ᠪᠥᠭᠡᠮ ᠢ᠋ᠶ᠋ᠡᠷ ᠬᠣᠯᠢᠨ᠎ᠠ᠃
ᠬᠢᠭᠰᠡᠨ ᠬᠣᠭᠣᠯᠠ ᠨᠢ ᠬᠡᠦᠬᠡᠨ ᠳ᠋ᠦ᠍ ᠬᠤᠷᠴᠠᠳᠴᠤ᠂ ᠴᠢᠪᠠᠭᠠᠨᠴᠠ ᠳ᠋ᠤ᠌ ᠱᠣᠷᠪᠣᠭᠳᠠᠪᠠ᠃

13. ᠬᠦᠷᠭᠡᠨ ᠬᠦᠦ ᠨᠢ ᠴᠦ᠍ ᠪᠣᠯᠪᠠ᠂ ᠬᠣᠶᠠᠷ ᠰᠥᠨᠢ ᠴᠦ᠍ ᠬᠣᠨᠣᠪᠠ᠂ ᠭᠡᠷ ᠦ᠋ᠨ ᠡᠵᠡᠨ ᠴᠦ᠍ ᠪᠣᠯᠪᠠ᠃
ᠬᠣᠭᠰᠢᠯ ᠶᠠᠭᠤᠮ᠎ᠠ ᠶ᠋ᠢ ᠠᠪᠴᠤ ᠢᠷᠡᠬᠦ ᠴᠦ᠍ ᠪᠣᠯᠪᠠ᠂ ᠬᠣᠶᠠᠷ ᠠᠴᠢᠶᠠᠨ ᠤ᠋ ᠴᠢᠴᠧ ᠬᠡᠷᠡᠭ ᠲᠡᠢ ᠭᠡᠨ᠎ᠡ᠂
ᠬᠣᠢᠲᠤ ᠡᠳᠦᠷ ᠨᠢ ᠬᠣᠶᠠᠷ ᠡᠯᠵᠢᠭᠡᠨ ᠲᠡᠷᠭᠡ ᠬᠠᠰᠢᠶᠠᠨ ᠤ᠋ ᠬᠠᠭᠠᠯᠭ᠎ᠠ ᠳᠡᠭᠡᠷ᠎ᠡ ᠲᠤᠯᠵᠠᠢ᠃
ᠬᠥᠬᠡ ᠳᠠᠮᠪᠢ ᠬᠥᠯᠥᠰᠥ ᠪᠡᠨ ᠭᠣᠭᠣᠵᠢᠭᠤᠯᠤᠨ ᠳᠠᠭᠠᠭᠠᠵᠤ ᠶᠠᠳᠠᠨ ᠶᠠᠭᠤᠮ᠎ᠠ ᠠᠪᠴᠢᠷᠠᠨ᠎ᠠ᠃

ᠠᠪᠴᠤ ᠢᠷᠡᠭᠰᠡᠨ ᠶᠠᠭᠤᠮ᠎ᠠ ᠨᠢ ᠠᠰᠤᠷᠤ ᠦᠨ᠎ᠡ ᠲᠡᠢ ᠬᠣᠪᠣᠷ ᠡᠳ᠋ ᠭᠡᠨ᠎ᠡ᠃
ᠠᠮᠢᠲᠠᠨ ᠬᠥᠮᠦᠨ ᠢ᠋ ᠬᠠᠪᠢᠳᠠᠭᠤᠯᠬᠤ ᠦᠭᠡᠢ ᠨᠠᠭᠠᠭᠤᠷ ᠴᠠᠭᠠᠭᠤᠷ ᠨᠢ ᠲᠣᠭᠣᠷᠢᠨ᠎ᠠ᠃
ᠭᠠᠢ ᠭᠠᠵᠠᠷ ᠳᠣᠣᠷ᠎ᠠ ᠠ᠋ᠴᠠ᠂ ᠭᠠᠷ ᠲᠤ ᠪᠠᠷᠢᠭᠰᠠᠨ ᠠᠪᠳᠠᠷ᠎ᠠ ᠶ᠋ᠢᠨ ᠢᠷᠣᠭᠠᠷ ᠴᠥᠮᠥᠷᠡᠨ᠎ᠡ᠃

ᠬᠦᠷᠭᠡᠨ ᠬᠦᠦ ᠬᠦᠵᠦᠭᠦᠦ ᠰᠤᠩᠭᠠᠵᠤ ᠭᠦᠶᠦᠨ᠎ᠡ᠂ ᠬᠥᠮᠦᠨ ᠪᠦᠭᠦᠳᠡ ᠲᠡᠭᠦᠨ ᠢ᠋ ᠬᠠᠷᠠᠭᠤᠯᠳᠠᠨ᠎ᠠ᠃
ᠬᠥᠭᠰᠢᠨ ᠡᠮᠡᠭᠡᠨ ᠦᠵᠡᠭᠡᠳ ᠬᠥᠯᠥᠰᠥᠨ ᠦ᠌ ᠲᠡᠷᠭᠡ ᠶ᠋ᠢ ᠨᠢ ᠭᠡᠳᠡᠷᠭᠦ ᠳᠠᠭᠤᠳᠠᠪᠠ᠃
ᠬᠠᠯᠲᠠᠷ ᠳᠠᠮᠪᠢ ᠬᠠ ᠬᠠ ᠭᠡᠵᠦ ᠢᠨᠢᠶᠡᠭᠰᠡᠭᠡᠷ ᠬᠠᠮᠤᠭ ᠶᠠᠭᠤᠮ᠎ᠠ ᠪᠠᠨ ᠳᠠᠬᠢᠨ ᠠᠴᠢᠭᠠᠳ
ᠬᠠᠷ᠎ᠠ ᠡᠯᠵᠢᠭᠡ ᠶ᠋ᠢ ᠲᠠᠰᠤ ᠭᠤᠶᠠᠳᠠᠨ ᠶᠠᠪᠤᠪᠠ᠂ ᠬᠠᠮᠢᠭ᠎ᠠ ᠣᠴᠢᠭᠰᠠᠨ ᠢ᠋ ᠨᠢ ᠪᠤᠤ ᠮᠡᠳᠡ᠃
          1931 ᠣᠨ

   ᠦᠰᠦᠭ ᠠᠮᠢᠯᠠᠭᠤᠯᠤᠭᠴᠢ᠄ ᠰᠤᠳᠤᠯᠲᠤ᠂ ᠡᠷᠳᠡᠨᠢᠭᠣᠤ᠎ᠠ
   ᠬᠢᠨᠠᠭᠴᠢ᠄ ᠣᠳᠬᠠᠨᠰᠣ᠎ᠠ