ᠹᠧᠣᠳᠠᠯ ᠤ᠋ᠨ ᠢᠨᠠᠭᠯᠠᠯ- ᠳ· ᠨᠠᠴᠤᠭᠳᠣᠷᠵᠢФеодлийн янаглал-Д.Нацагдорж
ᠹᠧᠣᠳᠠᠯ ᠤ᠋ᠨ ᠢᠨᠠᠭᠯᠠᠯ
ᠳ· ᠨᠠᠴᠤᠭᠳᠣᠷᠵᠢ
ᠪᠠᠷᠠᠭᠠᠨ ᠨᠢᠭᠤᠷ ᠲᠠᠢ ᠪᠠᠶᠠᠷ ᠲᠤᠰᠠᠯᠠᠭᠴᠢ
ᠪᠠᠶᠠᠨ ᠪᠣᠯᠣᠳ ᠹᠧᠣᠳᠠᠯ ᠮᠥᠨ᠃
ᠪᠠᠯᠠᠢ ᠴᠠᠭ ᠤ᠋ᠨ ᠶᠣᠰᠣ ᠪᠠᠷ
ᠪᠠᠳᠮ᠎ᠠ ᠬᠡᠦᠬᠡᠨ ᠢ᠋ ᠪᠣᠭᠲᠣᠯᠠᠨ ᠠᠪᠴᠠᠢ᠃
ᠪᠠᠷᠠᠭᠤᠨ ᠭᠡᠷ ᠦ᠋ᠨ ᠬᠣᠢᠮᠣᠷ ᠰᠠᠭᠤᠵᠤ
ᠪᠠᠭᠠᠴᠤᠳ ᠬᠡᠦᠬᠡᠳ ᠢ᠋ ᠵᠠᠩᠳᠤᠷᠤᠨ᠎ᠠ᠃
ᠪᠠᠷᠯᠤᠭ ᠪᠣᠭᠣᠯᠴᠤᠳ ᠢ᠋ ᠵᠡᠷᠭᠡᠴᠡᠭᠦᠯᠵᠦ
ᠪᠡᠶ᠎ᠡ ᠪᠠ ᠡᠬᠡᠨᠡᠷ ᠢ᠋ ᠬᠦᠨᠳᠦᠯᠡᠭᠦᠯᠦᠨᠡ᠃
ᠡᠳ᠋ ᠮᠥᠩᠭᠥ ᠪᠡᠷ ᠡᠯᠪᠡᠭ ᠲᠡᠢ
ᠡᠬᠡᠨᠡᠷ ᠬᠡᠦᠬᠡᠨ ᠳ᠋ᠦ᠍ ᠳᠤᠷ᠎ᠠ ᠲᠠᠢ᠃
ᠠᠶ᠎ᠠ ᠪᠠᠷ ᠡᠰᠡ ᠪᠣᠯᠪᠠᠯ
ᠡᠵᠡᠨ ᠦ᠌ ᠵᠠᠷᠯᠢᠭ ᠲᠤ ᠬᠦᠷᠭᠡᠨ᠎ᠡ᠃
ᠡᠷ᠎ᠡ ᠨᠥᠬᠥᠷ ᠪᠠᠢᠪᠠᠯ
ᠡᠷᠡᠭᠦᠦ ᠶᠠᠯ᠎ᠠ ᠳ᠋ᠤ᠌ ᠤᠨᠠᠭᠠᠨ᠎ᠠ᠃
ᠡᠭᠡᠴᠢ ᠳᠡᠭᠦᠦ ᠪᠠᠢᠪᠠᠯ
ᠡᠮ᠎ᠡ ᠶ᠋ᠢᠨ ᠠᠳᠠᠯᠢ ᠬᠡᠷᠡᠭᠯᠡᠨ᠎ᠡ᠃
ᠬᠠᠭᠤᠴᠢᠨ ᠡᠬᠡᠨᠡᠷ ᠬᠥᠭᠰᠢᠷᠡᠵᠦ
ᠬᠣᠶᠠᠳᠤᠭᠠᠷ ᠡᠬᠡᠨᠡᠷ ᠬᠦᠰᠡᠭᠳᠡᠪᠡ᠃
ᠬᠥᠭᠡᠷᠦᠬᠦᠨ ᠬᠡᠦᠬᠡᠨ ᠢ᠋ ᠡᠷᠢᠪᠡᠴᠦ
ᠬᠥᠳᠡᠭᠡ ᠡᠴᠡ ᠡᠰᠡ ᠣᠯᠪᠠ᠃
ᠬᠣᠲᠠ ᠭᠠᠵᠠᠷ ᠢᠷᠡᠪᠡ᠂
ᠬᠣᠭᠰᠢᠯ ᠭᠡᠷ ᠢ᠋ ᠳᠦᠭᠦᠷᠭᠡᠪᠡ᠃
ᠬᠣᠶᠠᠳᠤᠭᠠᠷ ᠡᠬᠡᠨᠡᠷ ᠠᠪᠤᠭᠠᠳ
ᠬᠣᠯᠠᠬᠢ ᠭᠡᠷᠭᠡᠢ ᠶ᠋ᠢ ᠤᠮᠠᠷᠲᠠᠪᠠ᠃
ᠵᠠᠯᠠᠭᠤ ᠡᠬᠡᠨᠡᠷ ᠡᠷᠬᠡ
ᠵᠠᠩ ᠠᠪᠤᠷᠢ ᠳᠡᠭᠡᠷᠡᠩᠭᠦᠢ᠂
ᠵᠢᠷᠭᠠᠬᠤ ᠵᠣᠪᠠᠬᠤ ᠶ᠋ᠢᠨ ᠵᠠᠪᠰᠠᠷ
ᠵᠢᠷᠠᠨ ᠨᠠᠰᠤ ᠰᠢᠬᠠᠪᠠ᠃
ᠵᠢᠷᠠ ᠬᠦᠷᠴᠦ ᠪᠠᠢᠭ᠎ᠠ ᠪᠣᠯᠪᠠᠴᠤ
ᠵᠠᠪᠬᠠᠢ ᠰᠡᠳᠬᠢᠯ ᠬᠡᠪ ᠢ᠋ᠶ᠋ᠡᠷ ᠂
ᠵᠠᠬ᠎ᠠ ᠵᠡᠭᠡᠯᠢ ᠪᠡᠷ ᠶᠠᠪᠤᠵᠤ
ᠮᠠᠷᠵᠠᠩᠨᠠᠵᠤ ᠶᠠᠪᠤᠳᠠᠭ ᠬᠠᠭᠤᠴᠢᠨ ᠢ᠋ᠶ᠋ᠠᠷ᠃
ᠪᠠᠯᠠᠭᠲᠤ ᠬᠡᠷᠡᠭ ᠦ᠋ᠨ ᠡᠵᠡᠨ ᠭᠡᠵᠦ
ᠪᠠᠭᠠᠴᠤᠳ ᠬᠡᠦᠬᠡᠳ ᠦ᠋ᠨ ᠳᠣᠭᠣᠭᠢ ᠪᠣᠯᠪᠠ᠃
ᠪᠠᠢᠨ ᠪᠠᠢᠨ ᠬᠡᠰᠦᠭᠦᠴᠢᠯᠡᠵᠦ
ᠪᠠᠢᠳᠠᠭ ᠬᠦᠨᠳᠦ ᠪᠡᠨ ᠠᠯᠳᠠᠪᠠ᠃
ᠪᠠᠷᠠᠭᠠᠨ ᠦᠰᠦ ᠨᠢ ᠴᠠᠢᠵᠤ
ᠪᠠᠷᠵᠠᠭᠠᠷ ᠨᠢᠭᠤᠷ ᠨᠢ ᠦᠷᠴᠢᠢᠪᠡᠴᠦ
ᠪᠠᠭ᠎ᠠ ᠡᠬᠡᠨᠡᠷ ᠠᠪᠴᠤ
ᠪᠠᠰᠠ ᠭᠡᠷᠯᠡᠬᠦ ᠪᠡᠷ ᠰᠢᠢᠳᠪᠡ᠃
ᠣᠳᠬᠣᠨ ᠡᠬᠡᠨᠡᠷ ᠣᠮᠣᠭ ᠲᠠᠢ
ᠣᠯᠠᠨ ᠬᠥᠮᠦᠨ ᠦ᠌ ᠳᠤᠮᠳᠠ ᠵᠠᠩᠨᠠᠨ᠎ᠠ᠃
ᠣᠷᠣᠢ ᠪᠣᠯᠲᠠᠯ᠎ᠠ ᠤᠨᠲᠠᠵᠤ
ᠣᠷᠣ ᠳᠡᠷᠡ ᠶ᠋ᠢ ᠦᠯᠦ ᠬᠤᠷᠢᠶᠠᠨ᠎ᠠ᠃
ᠣᠶᠣᠬᠤ ᠡᠰᠬᠡᠬᠦ ᠶ᠋ᠢ ᠮᠡᠳᠡᠬᠦ ᠦᠭᠡᠢ
ᠣᠷᠣᠵᠤ ᠭᠠᠷᠤᠨ ᠶᠠᠪᠤᠨ᠎ᠠ᠃
ᠤᠷᠤᠭ ᠪᠣᠯᠤᠭᠰᠠᠨ ᠲᠤᠰᠠᠯᠠᠭᠴᠢ ᠶ᠋ᠢᠨ
ᠣᠷᠣᠢ ᠳᠡᠭᠡᠷ᠎ᠡ ᠨᠢ ᠰᠠᠭᠤᠨ᠎ᠠ᠃
ᠬᠣᠶᠠᠷ ᠡᠬᠡᠨᠡᠷ ᠡᠪ ᠦᠭᠡᠢ
ᠬᠣᠭᠣᠷᠣᠨᠳᠣ ᠪᠠᠨ ᠦᠷᠭᠦᠯᠵᠢ ᠭᠡᠷᠡᠯᠲᠦᠨ᠎ᠡ᠃
ᠬᠣᠵᠢᠭᠢᠷ ᠪᠣᠯᠤᠭᠰᠠᠨ ᠲᠤᠰᠠᠯᠠᠭᠴᠢ ᠶ᠋ᠢ
ᠬᠣᠶᠠᠭᠤᠯᠠ ᠡᠭᠡᠯᠵᠢᠯᠡᠨ ᠵᠠᠩᠨᠠᠨ᠎ᠠ᠃
ᠬᠣᠭᠣᠯᠠ ᠪᠠᠨ ᠡᠪᠦᠭᠡᠨ ᠭᠡᠵᠦ
ᠬᠣᠢᠮᠣᠷ ᠰᠠᠭᠤᠬᠤ ᠪᠠᠨ ᠪᠠᠢᠪᠠ᠃
ᠬᠣᠷᠢᠨ ᠨᠠᠰᠤᠨ ᠳ᠋ᠤ᠌ ᠦᠵᠡᠭᠡ ᠦᠭᠡᠢ ᠶ᠋ᠢ
ᠬᠣᠵᠢᠮ ᠢᠩᠭᠢᠵᠦ ᠦᠵᠡᠪᠡ᠃
ᠬᠥᠷᠥᠩᠭᠡ ᠮᠠᠯ ᠨᠢ ᠳᠠᠭᠤᠰᠴᠤ
ᠬᠥᠳᠡᠭᠡᠨ ᠦ᠌ ᠡᠬᠡᠨᠡᠷ ᠢᠷᠡᠪᠡ᠃
ᠬᠥᠭᠰᠢᠨ ᠲᠣᠯᠣᠭᠠᠢ᠂ ᠭᠤᠷᠪᠠᠨ ᠡᠬᠡᠨᠡᠷ ᠦ᠋ᠨ
ᠬᠥᠯ ᠭᠠᠷ ᠤ᠋ᠨ ᠪᠣᠭᠣᠯ ᠪᠣᠯᠪᠠ᠃
ᠬᠦᠰᠡᠯ ᠳ᠋ᠡᠭᠡᠨ ᠢᠩᠭᠢᠵᠦ ᠬᠦᠯᠢᠭᠳᠡᠭᠡᠳ
ᠬᠦᠯᠢᠶᠡᠰᠦᠨ ᠳ᠋ᠡᠭᠡᠨ ᠲᠡᠭᠡᠭᠯᠡᠵᠦ ᠪᠠᠢᠭ᠎ᠠ
ᠬᠥᠭᠰᠢᠨ ᠲᠣᠯᠣᠭᠠᠢ ᠶ᠋ᠢ ᠦᠵᠡᠪᠡᠦ?
ᠬᠥᠮᠦᠨ ᠪᠦᠭᠦᠳᠡ ᠶ᠋ᠢᠨ ᠢᠨᠢᠶᠡᠳᠦ ᠬᠦᠷᠦᠨ᠎ᠡ
19 31 ᠣᠨ
ᠦᠰᠦᠭ ᠠᠮᠢᠯᠠᠭᠤᠯᠤᠭᠴᠢ᠄ ᠡᠷᠳᠡᠨᠢᠭᠣᠤ᠎ᠠ
ᠬᠢᠨᠠᠭᠴᠢ᠄ ᠣᠳᠬᠠᠨᠰᠣ᠎ᠠ
