《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠳᠥᠴᠢ ᠶᠢᠰᠦᠳᠦᠭᠡᠷ ᠪᠦᠯᠦᠭ> "Хөх судар" он нөхвөр дэвтэр - Инжинаш <Дөч есдүгээр бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠳᠥᠴᠢ ᠶᠢᠰᠦᠳᠦᠭᠡᠷ ᠪᠦᠯᠦᠭ> "Хөх судар" он нөхвөр дэвтэр - Инжинаш <Дөч есдүгээр бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠳᠥᠴᠢ ᠶᠢᠰᠦᠳᠦᠭᠡᠷ ᠪᠦᠯᠦᠭ> "Хөх судар" он нөхвөр дэвтэр - Инжинаш <Дөч есдүгээр бүлэг>

ᠠᠩᠭᠢᠯᠠᠯ:ᠲᠡᠦᠬᠡ ᠰᠣᠶᠣᠯ
2024-05-30

233

《ᠬᠥᠬᠡ ᠰᠤᠳᠤᠷ》 ᠤᠨ ᠨᠥᠬᠥᠪᠦᠷᠢ ᠲᠡᠪᠲᠡᠷ - ᠳᠥᠴᠢ ᠶᠢᠰᠦᠳᠦᠭᠡᠷ ᠪᠦᠯᠦᠭ


      ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠡᠷᠢᠭᠦᠨ ᠣᠨ᠂ ᠤᠯᠠᠭᠠᠨ ᠪᠠᠷᠰ ᠵᠢᠯ᠃ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠦ᠋ᠨ ᠲᠡᠢ ᠾᠧ ᠬᠡᠮᠡᠬᠦ ᠶ᠋ᠢᠨ ᠵᠢᠷᠭᠤᠳᠤᠭᠠᠷ ᠣᠨ᠃ ᠡᠮᠦᠨᠡᠲᠦ ᠰᠥᠩ ᠤᠯᠤᠰ ᠤ᠋ᠨ ᠨᠢᠩᠽᠥ᠋ᠩ ᠦ᠋ᠨ ᠺᠠᠢ ᠰᠢ ᠬᠡᠮᠡᠬᠦ ᠶ᠋ᠢᠨ ᠬᠣᠶᠠᠳᠤᠭᠠᠷ ᠣᠨ ᠪᠠᠢᠭᠰᠠᠭᠠᠷ᠃ 

                 ᠳᠥᠴᠢᠨ ᠶᠢᠰᠦᠳᠦᠭᠡᠷ ᠪᠦᠯᠦᠭ  

         ᠠᠯᠲᠠᠨ ᠡᠬᠡ ᠠᠰᠢᠳᠠ ᠶ᠋ᠢᠨ ᠬᠥᠮᠦᠵᠢᠯ ᠢ᠋ᠶ᠋ᠡᠷ ᠬᠡᠶᠡᠳ ᠴᠡᠭᠡᠬᠡᠨ ᠬᠣᠶᠠᠷ ᠢᠵᠠᠭᠤᠷ ᠢ᠋ ᠢᠯᠭᠠᠨ ᠲᠣᠭᠲᠠᠭᠠᠪᠠ 
         ᠠᠰᠠᠷᠠᠯᠲᠤ ᠬᠤᠸᠠᠩᠳᠢ ᠠᠮᠤᠷ ᠵᠢᠷᠭᠠᠯ ᠤ᠋ᠨ ᠠᠯᠳᠠᠭᠳᠠᠯ ᠡᠨᠳᠡᠭᠳᠡᠯ ᠢ᠋ ᠮᠢᠩᠭᠠᠨ ᠦᠶ᠎ᠡ ᠳ᠋ᠦ᠍ᠷ ᠴᠡᠭᠡᠷᠯᠡᠭᠦᠯᠦᠨ ᠦᠯᠡᠳᠡᠭᠡᠪᠡ  
              ᠬᠥᠮᠦᠨ ᠦ᠌ ᠡᠰᠢ ᠲᠡᠭᠷᠢ ᠶ᠋ᠢᠨ ᠤᠯᠠᠮᠵᠢᠯᠠᠯ ᠬᠡᠮᠡᠭᠴᠢ ᠬᠤᠳᠠᠯ ᠦᠭᠡᠢ ᠠᠵᠤᠭᠤ  
             < ᠬᠥᠬᠡ ᠰᠣᠲᠣᠷ᠎ᠠ > ᠬᠣᠶᠠᠷ ᠦᠶ᠎ᠡ ᠲᠡᠭᠷᠢ ᠶ᠋ᠢᠨ ᠦᠷᠡᠰ ᠭᠡᠮᠡᠨ ᠭᠠᠷᠴᠤᠬᠤᠢ᠃  
              ᠬᠦᠨᠳᠦ ᠪᠣᠭᠳᠠ ᠲᠠᠪᠤᠨ ᠳᠢ ᠶ᠋ᠢᠨ ᠭᠤᠷᠪᠠᠨ ᠠᠨᠤ ᠰᠣᠨᠢᠨ ᠥᠪᠡᠷ᠎ᠡ ᠪᠡᠷ ᠮᠡᠨᠳᠦᠯᠡᠯᠴᠡᠪᠡᠢ 
              ᠬᠥᠪᠭᠡᠮᠡᠯ ᠲᠠᠩᠬᠠᠢ ᠤᠯᠠᠮᠵᠢᠯᠠᠯ ᠭᠡᠮᠡᠨ ᠰᠡᠳᠬᠢᠬᠦᠶ᠎ᠡ ᠪᠡᠷᠬᠡ ᠪᠣᠯᠤᠭᠰᠠᠨ ᠠᠨᠤ ᠪᠢᠰᠢᠦ᠃  

       ᠲᠡᠨᠳᠡᠴᠡ ᠮᠣᠩᠭᠣᠯ ᠤᠯᠤᠰ ᠤ᠋ᠨ ᠲᠥᠷᠥ ᠶ᠋ᠢᠨ ᠬᠣᠲᠠᠯᠠᠭᠠᠷ ᠬᠤᠸᠠᠩ ᠲᠠᠢᠬᠡᠦ ᠶ᠋ᠢᠨ ᠤᠷᠲᠣᠨ᠎ᠠ ᠡᠷ᠎ᠡ ᠡᠮ᠎ᠡ ᠬᠣᠶᠠᠷ ᠠᠩᠭᠢᠯᠠᠨ᠂ ᠣᠭᠲᠠᠷᠭᠤᠢ ᠶ᠋ᠢᠨ ᠣᠳᠣᠳ᠂ ᠵᠦᠰᠡ ᠶ᠋ᠢᠨ ᠡᠭᠦᠯᠡ ᠮᠡᠲᠦ ᠬᠤᠷᠠᠯᠳᠤᠨ ᠴᠤᠭᠯᠠᠵᠤ᠂ ᠶᠢᠰᠦᠨ ᠳᠡᠭᠲᠡᠷ ᠦ᠋ᠨ ᠳᠣᠪᠣ ᠶ᠋ᠢᠨ ᠬᠥᠷᠥᠰᠥ ᠶ᠋ᠢ ᠪᠦᠷᠬᠦᠲᠡᠯ᠎ᠡ ᠰᠥᠭᠥᠳᠴᠦ᠂ ᠴᠠᠭᠠᠵᠠ ᠶ᠋ᠢᠨ ᠳᠣᠬᠢᠶ᠎ᠠ ᠴᠢᠮᠡᠭ ᠢ᠋ ᠳᠠᠭᠠᠵᠤ᠂ ᠶᠠᠭ ᠲᠠᠭ ᠢᠪ ᠴᠢᠪ ᠠᠮᠢᠰᠬᠤᠯ ᠰᠦᠢᠯᠡᠯᠭᠡ ᠪᠡᠨ ᠳᠠᠷᠤᠵᠤ᠂ ᠬᠤᠸᠠᠩ ᠲᠠᠢᠬᠡᠦ ᠶ᠋ᠢᠨ ᠭᠡᠭᠡᠨ ᠢ᠋ᠶ᠋ᠡᠷ ᠶᠡᠬᠡ ᠲᠠᠬᠢᠯ ᠤ᠋ᠨ ᠡᠮᠦᠨ᠎ᠡ ᠠᠯᠲᠠᠨ ᠯᠤᠤᠲᠤ ᠣᠯᠪᠣᠭ ᠲᠠᠪᠴᠠᠩ ᠳᠡᠭᠡᠷ᠎ᠡ ᠰᠥᠭᠥᠳᠴᠦ᠂ ᠭᠤᠷᠪᠠᠨ ᠵᠡᠷᠭᠡ ᠳᠠᠬᠢᠨ ᠶᠣᠰᠣᠯᠠᠵᠤ᠂ ᠳᠡᠭᠡᠭᠰᠢ ᠬᠠᠨᠳᠤᠵᠤ᠂ ᠠᠯᠠᠭ᠎ᠠ ᠪᠠᠨ ᠬᠠᠮᠲᠤᠳᠬᠠᠭᠰᠠᠭᠠᠷ᠂ ᠡᠨᠡᠷᠢᠯᠲᠦ ᠥᠨᠳᠥᠷ ᠡᠭᠡᠰᠢᠭᠲᠦ ᠳᠠᠭᠤᠨ ᠢ᠋ᠶ᠋ᠠᠷ ᠡᠢᠨ ᠭᠡᠮᠡᠨ ᠥᠴᠢᠨ ᠵᠠᠷᠯᠢᠭ ᠪᠣᠯᠤᠷᠤᠨ : 
          ᠥᠨᠳᠥᠷ ᠡᠴᠡ ᠮᠡᠬᠡᠯᠡᠪᠡᠰᠦ ᠦᠯᠦ ᠪᠣᠯᠬᠤ ᠠᠨᠤ ᠳᠡᠭᠡᠳᠦ ᠲᠡᠭᠷᠢ ᠬᠤᠷᠮᠤᠰᠲᠠ ᠪᠤᠶᠤ   
          ᠦᠪᠡᠳᠡᠭᠰᠢ ᠡᠴᠡ ᠮᠡᠬᠡᠯᠡᠪᠡᠰᠦ ᠦᠯᠦ ᠪᠣᠯᠬᠤ ᠠᠨᠤ ᠡᠨᠡ ᠪᠡᠶ᠎ᠡ ᠶ᠋ᠢᠨ ᠡᠵᠡᠨ ᠡᠷ᠎ᠡ ᠪᠤᠶᠤ ᠃   
          ᠥᠭᠡᠷ᠎ᠡ ᠡᠴᠡ ᠮᠡᠬᠡᠯᠡᠪᠡᠰᠦ ᠦᠯᠦ ᠪᠣᠯᠬᠤ ᠠᠨᠤ ᠪᠤᠰᠤᠳ ᠤ᠋ᠨ ᠬᠥᠮᠦᠨ ᠲᠥᠷᠥᠯᠬᠢᠲᠡᠨ ᠪᠤᠶᠤ   
          ᠥᠪᠡᠷᠦᠨ ᠡᠴᠡ ᠮᠡᠬᠡᠯᠡᠪᠡᠰᠦ ᠦᠯᠦ ᠪᠣᠯᠬᠤ ᠠᠨᠤ ᠲᠥᠷᠥᠭᠰᠡᠨ ᠦᠷ᠎ᠡ ᠬᠥᠪᠡᠭᠦᠳ ᠪᠤᠶᠤ᠃ 
       ᠡᠨᠡ ᠳᠥᠷᠪᠡ ᠶ᠋ᠢ ᠴᠥᠮ ᠢ᠋ᠶ᠋ᠡᠷ ᠮᠡᠬᠡᠯᠡᠪᠡᠰᠦ ᠦᠯᠦ ᠪᠣᠯᠬᠤ ᠠᠨᠤ ᠴᠢᠩ ᠦᠨᠡᠨ ᠪᠥᠭᠡᠲᠡᠯ᠎ᠡ ᠥᠪᠡᠷᠦᠨ ᠪᠡᠶ᠎ᠡ ᠰᠡᠳᠬᠢᠯ ᠢ ᠥᠪᠡᠷ ᠢ᠋ᠶ᠋ᠡᠨ ᠮᠡᠬᠡᠯᠡᠪᠡᠰᠦ ᠦᠯᠦ ᠪᠣᠯᠬᠤ ᠠᠨᠤ ᠪᠤᠶᠤ ᠊ᠶ᠎ᠠ᠃  
          ᠬᠠᠨ ᠬᠥᠪᠡᠭᠦᠨ ᠲᠡᠮᠦᠵᠢᠨ ᠦ᠌ ᠶᠠᠰᠤ ᠠᠨᠤ   
          ᠬᠠᠯᠠᠭᠤ ᠦᠭᠡᠢ ᠲᠡᠭᠷᠢ ᠶ᠋ᠢᠨ ᠦᠷ᠎ᠡ ᠪᠤᠶᠤ᠃ 
          ᠬᠠᠨ ᠲᠡᠭᠷᠢ ᠬᠠᠢᠷᠠᠯᠠᠨ ᠠᠰᠠᠷᠠᠵᠤ ᠬᠠᠷᠠᠬᠠᠨ ᠵᠢᠷᠮᠦᠰᠦᠨ ᠪᠣᠯᠬᠤᠢ ᠶ᠋ᠢᠨ ᠴᠠᠭ ᠠ᠋ᠴᠠ   
          ᠬᠠᠭᠠᠴᠠᠯ ᠦᠭᠡᠢ ᠴᠠᠭᠠᠨ ᠭᠡᠷᠡᠯ ᠢ᠋ᠶ᠋ᠡᠷ ᠬᠠᠮᠵᠢᠨ ᠭᠡᠢᠭᠦᠯᠦᠨ ᠬᠡᠪᠡᠯᠢ ᠶ᠋ᠢ ᠪᠦᠷᠬᠦᠬᠦᠶ᠎ᠡ  
          ᠬᠠᠵᠠᠭᠤ ᠠ᠋ᠴᠠ ᠪᠠᠭᠠᠲᠤᠷ ᠡᠵᠡᠨ ᠪᠡᠶᠡᠰᠴᠦ᠂   
          ᠬᠠᠲᠤᠭᠲᠠᠢ ᠥᠭᠡᠯᠦᠨ ᠢ᠋ ᠵᠠᠭᠤᠨ ᠬᠣᠨᠣᠭ ᠰᠤᠪᠢᠯᠠᠯᠤᠭ᠎ᠠ᠃  
          ᠬᠠᠷ᠎ᠠ ᠮᠣᠷᠢᠨ ᠤ᠋ ᠳᠥᠷᠪᠡᠨ ᠰᠡᠷᠡᠳᠡ   
          ᠬᠠᠭᠠᠰ ᠳᠤᠮᠳᠠ ᠶ᠋ᠢᠨ ᠠᠷᠪᠠᠨ ᠵᠢᠷᠭᠤᠭᠠᠨ᠎ᠠ᠂    
          ᠬᠠᠷᠢᠨ ᠪᠠᠰᠠ ᠬᠦ᠌ ᠮᠣᠷᠢᠨ ᠴᠠᠭᠳᠠ  
          ᠬᠠᠳᠠᠲᠤ ᠬᠣᠰᠢᠭᠤ ᠳᠡᠯᠢᠭᠦᠦ ᠶ᠋ᠢᠨ ᠪᠣᠯᠳᠣᠭ ᠲᠤᠷ  
          ᠬᠠᠰ ᠬᠠᠳᠠ ᠶ᠋ᠢᠨ ᠦᠶᠡᠲᠦ ᠴᠠᠭᠠᠨ ᠡᠪᠡᠰᠦᠨ᠎ᠡ   
          ᠬᠠᠷᠠᠬᠠᠨ ᠨᠢᠷᠠᠢᠯᠠᠬᠤᠶ᠎ᠠ ᠨᠥᠵᠢ ᠠᠳᠬᠤᠭᠰᠠᠭᠠᠷ ᠪᠥᠯᠥᠭᠡ᠃   
          ᠬᠠᠷᠪᠤᠭᠰᠠᠨ ᠭᠡᠷᠡᠯ ᠣᠭᠲᠠᠷᠭᠤᠢ ᠳ᠋ᠤᠷ ᠲᠤᠯᠵᠤ   
          ᠬᠠᠮᠤᠭ ᠪᠥᠬᠥᠳᠡᠭᠡᠷ᠎ᠡ ᠴᠥᠮ ᠢ᠋ᠶ᠋ᠡᠷ ᠮᠡᠳᠡᠯᠦᠭᠡ᠃   
          ᠬᠠᠷᠠᠬᠠᠨ ᠡᠳᠦᠭᠡ ᠳᠥᠴᠢᠨ ᠲᠠᠪᠤᠨ ᠨᠠᠰᠤᠯᠠᠵᠤ 
          ᠬᠠᠭᠠᠨ ᠰᠠᠭᠤᠷᠢᠨ᠎ᠠ ᠰᠠᠭᠤᠨ ᠰᠠᠭᠤᠲᠠᠯ᠎ᠠ ᠬᠠᠷᠠᠭᠠᠯᠵᠠᠵᠤ  
          ᠬᠠᠭᠠᠰ ᠣᠭᠲᠠᠷᠭᠤᠢ ᠶ᠋ᠢᠨ ᠬᠣᠭᠣᠰᠣᠨ ᠠᠭᠠᠷ ᠠ᠋ᠴᠠ   
          ᠬᠠᠰ ᠠᠶᠠᠭᠠᠲᠤ ᠲᠡᠭᠷᠢ ᠶ᠋ᠢᠨ ᠷᠠᠰᠢᠶᠠᠨ ᠬᠠᠢᠷᠠᠯᠠᠭᠰᠠᠨ ᠢ᠋ᠶ᠋ᠠᠷ   
          ᠬᠠᠲᠤᠭᠲᠠᠢ ᠥᠭᠡᠯᠦᠨ ᠴᠦ᠍ ᠣᠯᠵᠤ ᠬᠦᠷᠲᠡᠭᠡᠳ  
          ᠬᠠᠭᠤᠴᠢᠨ ᠰᠢᠯᠲᠠᠭᠠᠨ ᠤ᠋ ᠴᠢᠩ ᠦᠨᠡᠨ ᠢ᠋ ᠦᠯᠡᠳᠡᠭᠡᠨ   
          ᠬᠠᠮᠵᠢᠨ ᠲᠥᠷᠥᠭᠰᠡᠨ ᠳᠥᠷᠪᠡᠨ ᠳᠡᠭᠦᠦ ᠬᠢᠭᠡᠳ 
          ᠬᠠᠮᠤᠭ ᠤᠯᠤᠰ ᠤ᠋ᠨ ᠬᠣᠲᠠᠯᠠ ᠪᠦᠬᠦᠨ᠎ᠡ ᠭᠡᠷᠡᠴᠢᠯᠡᠯᠦᠭᠡ᠃   
          ᠬᠠᠳᠠᠨ ᠪᠠᠭᠠᠲᠤᠷ ᠡᠵᠡᠨ ᠡᠷ᠎ᠡ ᠴᠦ᠍ ᠮᠥᠨ  
          ᠬᠠᠷᠢᠨ ᠪᠡᠶᠡᠰᠴᠦ ᠬᠠᠷᠠᠮᠯᠠᠭᠰᠠᠨ ᠦᠭᠡᠢ ᠪᠡᠷ   
          ᠬᠠᠨ ᠲᠡᠭᠷᠢ ᠶ᠋ᠢᠨ ᠬᠠᠢᠷ᠎ᠠ ᠬᠠᠷᠠᠭᠠᠯᠵᠠᠯᠭ᠎ᠠ ᠪᠠᠷ   
          ᠬᠠᠭᠠᠴᠠᠯ ᠦᠭᠡᠢ ᠪᠣᠷᠵᠢᠭᠢᠳ ᠢᠵᠠᠭᠤᠷ ᠢ᠋ ᠰᠢᠨᠡᠳᠬᠡᠭᠰᠡᠨ ᠢ᠋   
          ᠬᠠᠯᠠᠭᠯᠠᠨ ᠡᠵᠡᠷᠬᠡᠵᠦ ᠦᠯᠦ ᠪᠣᠯᠬᠤ ᠪᠤᠶᠤ᠃  
          ᠬᠠᠰ ᠤ᠋ᠨ ᠰᠢᠮ᠎ᠡ ᠲᠡᠭᠷᠢ ᠶ᠋ᠢᠨ ᠦᠷ᠎ᠡ ᠦᠨᠡᠨ    
          ᠬᠠᠪᠤᠯ ᠬᠠᠭᠠᠨ ᠤ᠋ ᠢᠵᠠᠭᠤᠷ ᠪᠠᠰᠠ ᠬᠡᠷᠡᠯᠳᠦᠵᠦ   
          ᠬᠠᠮᠤᠭ ᠦᠷᠡᠰ ᠳᠠᠬᠢᠨ ᠰᠢᠨᠡᠷᠬᠡᠭᠰᠡᠨ ᠢᠨᠦ ᠪᠣᠯᠠᠢ᠃   
          ᠬᠠᠰᠠᠷ ᠪᠡᠯᠭᠦᠳᠡᠢ ᠸᠴᠢᠷ ᠭᠠᠴᠤᠭ ᠢ᠋ᠶ᠋ᠠᠷ   
          ᠬᠠᠷᠢᠨ ᠰᠠᠶᠢ ᠮᠢᠨᠦ ᠰᠢᠮ᠎ᠡ ᠮᠥᠨ ᠦ᠌ ᠲᠤᠯᠠ  
          ᠬᠠᠷᠢᠯᠴᠠᠨ ᠰᠣᠯᠢᠯᠴᠠᠨ ᠤᠷᠤᠭ ᠪᠣᠯᠤᠯᠴᠠᠪᠠᠰᠤ    
          ᠬᠠᠰ ᠰᠢᠮ᠎ᠡ ᠠᠯᠲᠠᠨ ᠶᠠᠰᠤᠲᠠᠨ ᠬᠣᠶᠠᠷ ᠤ᠋ᠨ   
          ᠬᠠᠳᠠᠨ ᠬᠦᠴᠦᠲᠡᠢ ᠤᠪᠠᠳᠢᠰ ᠴᠢᠨᠠᠷ ᠤ᠋ᠨ ᠣᠨᠣᠯ  
          ᠬᠠᠳᠠᠰᠢ ᠦᠭᠡᠢ ᠬᠤᠪᠬᠠᠢ᠌ᠷᠠᠰᠢ ᠦᠭᠡᠢ ᠪᠣᠯᠬᠤ ᠤᠴᠢᠷ ᠢ᠋    
          ᠬᠠᠮᠤᠭ ᠤᠯᠤᠰ ᠲᠤᠷ ᠵᠠᠷᠯᠠᠨ ᠵᠠᠬᠢᠭᠰᠠᠨ ᠪᠥᠭᠡᠳ    
          ᠬᠠᠲᠤᠭᠲᠠᠢ ᠥᠭᠡᠯᠦᠨ᠎ᠡ ᠲᠣᠳᠣᠷᠬᠠᠶ᠎ᠠ ᠤᠬᠠᠭᠤᠯᠤᠭᠰᠠᠨ ᠪᠥᠯᠥᠭᠡ ᠃    
          ᠬᠠᠭᠠᠨ ᠲᠥᠷᠥ ᠪᠠᠢᠭᠤᠯᠤᠨ ᠲᠣᠭᠲᠠᠨᠢᠵᠤ   
          ᠬᠠᠮᠤᠭ ᠪᠥᠬᠥᠳᠡᠭᠡᠷ᠎ᠡ ᠬᠠᠤᠯᠢ ᠶ᠋ᠢ ᠵᠠᠷᠯᠠᠬᠤᠶ᠎ᠠ  
          ᠬᠠᠰ ᠰᠢᠮ᠎ᠡ ᠶ᠋ᠢᠨ ᠶᠠᠰᠤ ᠢᠵᠠᠭᠤᠷ ᠥᠪᠡᠷ᠎ᠡ ᠶ᠋ᠢ  
          ᠬᠠᠲᠠᠭᠤ ᠬᠦᠴᠦᠲᠡᠢ ᠲᠠᠰᠤᠷᠬᠠᠢ ᠲᠣᠭᠲᠠᠭ᠎ᠠ᠃  
          ᠬᠠᠪᠤᠷ ᠨᠠᠮᠤᠷ ᠲᠠᠪᠤᠨ ᠦᠶ᠎ᠡ ᠶ᠋ᠢᠨ ᠬᠣᠢᠰᠢ     
          ᠬᠠᠷᠢᠯᠴᠠᠨ ᠬᠠᠷᠢᠯᠠᠨ ᠬᠠᠷᠢᠯᠴᠠᠨ ᠲᠦᠷᠥᠯᠯᠡᠬᠦ ᠶ᠋ᠢ ᠲᠣᠭᠲᠠᠭᠠᠵᠤ   
          ᠬᠠᠨ ᠲᠡᠭᠷᠢ ᠶ᠋ᠢᠨ ᠢᠵᠠᠭᠤᠷ ᠤᠪᠠᠳᠢᠰ ᠢ᠋ ᠲᠡᠵᠢᠭᠡᠨ    
          ᠬᠠᠪᠰᠤᠨ ᠡᠪᠰᠡᠵᠦ ᠦᠯᠦ ᠪᠠᠭᠤᠷᠠᠭᠤᠯᠬᠤ ᠪᠣᠯᠭ᠎ᠠ᠃   
          ᠬᠠᠭᠤᠴᠢᠨ ᠡᠵᠡᠨ ᠦ᠌ ᠬᠣᠶᠠᠷ ᠭᠡᠭᠡᠬᠡᠨ ᠢᠵᠠᠭᠤᠷ ᠢ᠋  
          ᠬᠠᠷᠠᠯᠠᠰᠢ ᠦᠭᠡᠢ ᠤᠷᠲᠤ ᠤᠳᠠᠭᠠᠨ ᠰᠣᠶᠣᠷᠬ᠎ᠠ᠃  
          ᠬᠠᠰ ᠬᠡᠪᠡᠯᠢ ᠨᠢᠭᠡᠨ ᠡᠬᠡ ᠬᠡᠮᠡᠭᠳᠡᠪᠡᠴᠦ 
          ᠬᠠᠮᠢᠶᠠᠲᠤ ᠬᠡᠪᠲᠡᠰᠢ ᠬᠣᠶᠠᠷ ᠥᠪᠡᠷ᠎ᠡ ᠶᠠᠰᠤ  
          ᠬᠠᠲᠤᠨ ᠡᠬᠡ ᠨᠢᠭᠡᠬᠡᠨ ᠪᠡᠶ᠎ᠡ ᠪᠣᠯᠪᠠᠴᠤ ᠪᠠᠷ  
          ᠬᠠᠭᠠᠨ ᠲᠡᠭᠷᠢ ᠬᠣᠶᠠᠷ ᠥᠪᠡᠷ᠎ᠡ ᠰᠢᠮ᠎ᠡ᠃  
          ᠬᠠᠰᠠᠷ ᠪᠡᠯᠭᠦᠳᠡᠢ ᠨᠠᠷ ᠪᠠᠭᠠᠲᠤᠷ ᠡᠵᠡᠨ ᠦ᠌ ᠰᠢᠮ᠎ᠡ᠃  
          ᠬᠠᠭᠠᠨ ᠲᠡᠮᠦᠵᠢᠨ ᠪᠠᠳᠠᠷᠠᠩᠭᠤᠢ ᠲᠡᠭᠷᠢ ᠶ᠋ᠢᠨ ᠬᠥᠪᠡᠭᠦᠨ ᠪᠤᠶᠤ᠃  
          ᠬᠠᠷᠠᠳᠠᠨ ᠠᠲᠠᠭᠠᠷᠬᠠᠵᠤ ᠦᠯᠦ ᠪᠣᠯᠬᠤ ᠪᠣᠯᠠᠢ᠃   
          ᠬᠠᠭᠤᠴᠢᠨ ᠡᠵᠡᠨ ᠦ᠌ ᠵᠠᠷᠯᠢᠭ ᠰᠣᠶᠣᠷᠬᠠᠯ ᠦᠨᠡᠨ   
          ᠬᠠᠷᠠᠯᠠᠰᠢ ᠦᠭᠡᠢ ᠪᠥᠲᠡᠭᠡᠢᠷᠡᠰᠢ ᠦᠭᠡᠢ ᠣᠨᠢᠰᠣᠨ᠃  
          ᠬᠠᠷᠢᠯᠴᠠᠨ ᠲᠦᠰᠢᠯᠴᠡᠬᠦ ᠥᠨᠢᠳᠡ ᠶ᠋ᠢᠨ ᠰᠢᠨᠡᠳᠬᠡᠯ ᠪᠤᠶᠤ᠃   
          ᠬᠠᠭᠠᠰ ᠣᠭᠲᠠᠷᠭᠤᠢ ᠶ᠋ᠢᠨ ᠤᠮᠠᠷᠠᠲᠤ ᠲᠢᠪ ᠳᠡᠯᠡᠬᠡᠢ ᠶ᠋ᠢ   
          ᠬᠠᠭᠠᠨ ᠢᠵᠠᠭᠤᠷᠲᠠᠨ ᠡᠭᠦᠷᠢᠳᠡ ᠡᠵᠡᠯᠡᠬᠦ ᠲᠡᠮᠳᠡᠭ ᠢ᠋    
          ᠬᠠᠰ ᠲᠤᠷ ᠰᠡᠢᠯᠦᠨ ᠠᠯᠳᠠᠨ᠎ᠠ ᠲᠤᠭᠬᠢᠭᠤᠯᠤᠨ ᠦᠯᠡᠳᠡᠭᠡ᠃   
          ᠬᠠᠢᠯᠤᠰᠢ ᠦᠭᠡᠢ ᠵᠢᠪᠡᠷᠡᠰᠢ ᠦᠭᠡᠢ ᠲᠣᠭᠲᠠᠭᠠᠭᠲᠤᠨ᠃ 
ᠬᠡᠮᠡᠪᠡ᠃ ᠡᠭᠦᠨ ᠳ᠋ᠦ᠍ᠷ ᠲᠥᠷᠥ ᠶ᠋ᠢᠨ ᠬᠣᠲᠠᠯᠠᠭᠠᠷ ᠳᠡᠭᠡᠷ᠎ᠡ ᠳᠣᠣᠷ᠎ᠠ᠂ ᠵᠡᠭᠦᠨ ᠪᠠᠷᠠᠭᠤᠨ᠂ ᠳᠣᠲᠣᠷ᠎ᠠ ᠭᠠᠳᠠᠨ᠎ᠠ᠂ ᠡᠷ᠎ᠡ ᠡᠮ᠎ᠡ᠂ ᠬᠥᠪᠡᠭᠦᠳ ᠥᠬᠢᠳ ᠲᠦ᠍ᠷ ᠬᠦᠷᠲᠡᠯ᠎ᠡ ᠲᠣᠳᠣᠷᠬᠠᠶ᠎ᠠ ᠰᠣᠨᠣᠰᠴᠤ 《ᠲᠦᠮᠡᠨ ᠨᠠᠰᠤᠲᠤ᠂ ᠲᠦᠮᠡᠨ ᠨᠠᠰᠤᠲᠤ᠂ ᠲᠦᠭ ᠲᠦᠮᠡᠨ ᠨᠠᠰᠤᠲᠤ 》ᠭᠡᠮᠡᠨ ᠮᠥᠷᠭᠥᠬᠦᠶ᠎ᠡ᠂ ᠢᠯᠠᠩᠭᠤᠶ᠎ᠠ ᠳᠥᠷᠪᠡᠨ ᠳᠡᠭᠦᠦ ᠴᠢᠨ᠂ ᠵᠢᠶᠦ᠋ᠨ ᠸᠠᠩ ᠤ᠋ᠳ ᠠᠩᠭᠢᠳᠠ ᠳᠠᠬᠢᠨ ᠶᠣᠰᠣᠯᠠᠵᠤ᠂ ᠬᠠᠰᠠᠷ ᠪᠡᠯᠡᠭᠯᠡᠷᠦᠨ : 
          ᠪᠤᠲᠠᠨᠴᠢᠷ ᠪᠣᠭᠳᠠ ᠶ᠋ᠢᠨ ᠪᠣᠷᠵᠢᠭᠢᠳ ᠢᠵᠠᠭᠤᠷ ᠦᠨᠳᠦᠰᠦᠲᠡᠨ᠎ᠡ  
          ᠪᠣᠳᠠᠲᠠᠶ᠎ᠠ ᠪᠠᠳᠠᠷᠠᠩᠭᠤᠢ ᠰᠦᠯᠳᠡ ᠲᠡᠭᠷᠢ ᠪᠠᠭᠤᠨ ᠲᠡᠳᠬᠦᠷᠦᠨ᠃  
          ᠪᠤᠯᠢᠭᠳᠠᠰᠢ ᠦᠭᠡᠢ ᠬᠣᠶᠠᠷ ᠠᠷᠢᠭᠤᠨ ᠢᠵᠠᠭᠤᠷᠲᠠᠨ ᠢ᠋ 
          ᠪᠣᠯᠵᠣᠵᠤ ᠲᠠᠪᠤᠨ ᠦᠶ᠎ᠡ ᠶ᠋ᠢᠨ ᠬᠣᠢᠨᠠᠰᠢᠳᠠ ᠬᠠᠷᠢᠯᠴᠠᠪᠠᠰᠤ  
          ᠪᠤᠲᠠᠷᠠᠯ ᠰᠠᠷᠨᠢᠯ ᠤ᠋ᠨ ᠳᠣᠷᠣᠢᠲᠠᠯ ᠦᠭᠡᠢ ᠬᠡᠰᠢᠭ ᠢ᠋  
          ᠪᠣᠷᠵᠢᠭᠢᠳ ᠬᠢᠭᠡᠳ ᠴᠡᠭᠡᠬᠡᠨ ᠬᠣᠶᠠᠷ ᠶᠠᠰᠤᠲᠠᠨ ᠢ᠋ᠶ᠋ᠠᠷ ᠰᠢᠲᠦᠯᠲᠡᠢ  
          ᠪᠣᠷᠵᠢᠭᠢᠳ ᠢᠵᠠᠭᠤᠷ ᠢ᠋ ᠴᠡᠭᠡᠬᠡᠨ ᠭᠡᠷᠡᠯ ᠢ᠋ᠶ᠋ᠡᠷ ᠰᠢᠨᠡᠳᠬᠡᠷᠦᠨ   
          ᠪᠣᠭᠳᠠ ᠳᠡᠭᠷᠢᠯᠢᠭ ᠦ᠋ᠨ ᠴᠡᠭᠡᠬᠡᠨ ᠶᠠᠰᠤᠲᠤ ᠪᠣᠷᠵᠢᠭᠢᠳ ᠲᠠᠢ  
          ᠪᠤᠲᠢᠰᠤᠭ ᠲᠠᠢᠬᠡᠦ ᠶ᠋ᠢᠨ ᠠᠯᠲᠠᠨ ᠵᠠᠷᠯᠢᠭᠴᠢᠯᠠᠨ ᠬᠦ᠌  
          ᠪᠣᠯᠢᠶ᠎ᠠ ᠦᠭᠡᠢ ᠮᠢᠩᠭᠠᠨ ᠦᠶ᠎ᠡ ᠰᠤᠨᠵᠢᠷᠠᠲᠠᠯ᠎ᠠ  
          ᠪᠣᠭᠳᠠᠰ ᠤ᠋ᠨ ᠦᠷᠡᠰ ᠡᠵᠡᠳ ᠨᠣᠶᠠᠳ ᠢ᠋ᠶ᠋ᠠᠷ ᠤᠯᠠᠮᠵᠢᠯᠠᠯᠴᠠᠨ   
          ᠪᠤᠯᠲᠤ ᠮᠣᠩᠭᠣᠯᠴᠤᠳ ᠦᠶ᠎ᠡ ᠤᠯᠠᠷᠢᠨ ᠮᠠᠨᠳᠤᠲᠤᠭᠠᠢ᠃  
          ᠪᠤᠰᠤᠴᠢᠷ ᠠᠳᠬᠠᠭ ᠢ᠋ ᠲᠥᠷᠥᠪᠡᠰᠦ ᠪᠣᠯᠬᠤ ᠤᠤ ?   
          ᠪᠣᠳᠠᠲᠠᠶ᠎ᠠ ᠭᠡᠷᠡᠯ ᠢ᠋ ᠬᠥᠮᠦᠨ ᠭᠤᠶᠤᠭᠠᠳ ᠪᠣᠯᠤᠮᠤᠢ ᠤᠤ ? 
ᠭᠡᠮᠡᠨ ᠳᠠᠬᠢᠨ ᠥᠴᠢᠵᠦ ᠮᠥᠷᠭᠥᠭᠡᠳ ᠲᠠᠢᠬᠡᠦ ᠶ᠋ᠢᠨ ᠲᠥᠷᠥ ᠡᠴᠡ ᠲᠠᠷᠬᠠᠮᠠᠭᠴᠠ ᠡᠨᠡ ᠬᠦ᠌ ᠬᠠᠤᠯᠢ ᠵᠠᠷᠯᠢᠭ ᠢ᠋ ᠳᠥᠷᠪᠡᠨ ᠳᠡᠭᠦᠦ ᠸᠠᠩ ᠤ᠋ᠳ ᠲᠡᠷᠢᠭᠦᠯᠡᠨ ᠵᠠᠭᠤᠨ ᠰᠠᠢᠳ ᠤ᠋ᠳ ᠯᠤᠭ᠎ᠠ ᠠᠯᠲᠠᠨ ᠳ᠋ᠤᠷ ᠳᠤᠭᠭᠢᠵᠤ᠂ ᠬᠠᠰ ᠲᠤᠷ ᠰᠡᠢᠯᠦᠨ᠂ ᠬᠤᠯᠤᠰᠤᠨ᠎ᠠ ᠬᠣᠴᠣᠷᠤᠭᠤᠯᠤᠨ᠂ ᠲᠣᠷᠭᠠᠨ᠎ᠠ ᠪᠢᠴᠢᠵᠦ᠂ ᠳᠠᠯᠠᠨ ᠲᠠᠪᠤᠨ ᠠᠢᠮᠠᠭ ᠲᠠᠨ᠎ᠠ ᠲᠦᠭᠡᠭᠡᠨ ᠬᠠᠳᠠᠭᠠᠯᠠᠬᠤᠶ᠎ᠠ ᠠᠢᠯᠠᠳᠬᠠᠨ ᠵᠠᠷᠯᠢᠭ ᠭᠣᠶᠣᠭᠰᠠᠨ᠎ᠠ ᠲᠠᠢᠽᠦ ᠴᠦ᠍ ᠡᠷᠲᠡ ᠡᠳᠦᠷ ᠦ᠋ᠨ ᠴᠢᠰᠤᠨ ᠦᠯᠦ ᠨᠡᠢᠯᠡᠬᠦ ᠬᠢᠭᠡᠳ᠂ ᠡᠨᠡ ᠡᠳᠦᠷ ᠦ᠋ᠨ ᠷᠠᠰᠢᠶᠠᠨ ᠦᠯᠦ ᠨᠢᠭᠡᠳᠬᠦ ᠶ᠋ᠢ ᠦᠵᠡᠭᠡᠳ ᠪᠠᠰᠠ ᠠᠷᠭᠠᠳᠠᠯ ᠥᠭᠡᠶ᠎ᠡ ᠵᠠᠷᠯᠢᠭ ᠪᠣᠯᠤᠷᠤᠨ: 
      《ᠮᠡᠬᠦᠰ ᠪᠢ ᠤᠭ ᠠ᠋ᠴᠠ ᠶᠣᠰᠣ ᠤᠴᠢᠷ ᠲᠤᠷ ᠦᠯᠦ ᠨᠡᠢᠴᠡᠬᠦ ᠶᠡᠷᠦᠩᠬᠡᠢ ᠦᠭᠡᠰ ᠪᠠ ᠵᠦᠢ ᠰᠢᠯᠲᠠᠭᠠᠨ᠎ᠠ ᠬᠤᠰᠤᠯᠳᠤᠬᠤ ᠦᠭᠡᠢ᠂ ᠥᠷᠢᠭᠦᠦ ᠲᠠᠮᠰᠠ ᠬᠡᠷᠡᠭ ᠵᠦᠢᠯ ᠢ ᠮᠠᠰᠢᠳᠠ ᠵᠢᠪᠡᠭᠦᠷᠡᠨ ᠵᠢᠭᠰᠢᠳᠡᠭ ᠪᠥᠯᠥᠭᠡ᠃ ᠡᠷᠲᠡ ᠡᠳᠦᠷ ᠬᠡᠷᠡᠢᠳ ᠠᠢᠮᠠᠭ ᠤ᠋ᠨ ᠲᠡᠢᠨ ᠳ᠋ᠦ᠍ᠷ ᠪᠠᠵᠤᠨᠠᠢ ᠮᠥᠷᠡᠨ᠎ᠡ ᠬᠦᠨᠡᠰᠦ ᠦᠭᠡᠢ ᠬᠠᠭᠠᠭᠳᠠᠵᠤ᠂ ᠰᠠᠷᠬᠤᠳ ᠲᠤᠷ ᠴᠢᠰᠤᠨ ᠨᠡᠢᠯᠡᠭᠦᠯᠦᠨ ᠰᠠᠴᠤᠵᠤ ᠲᠠᠩᠭᠠᠷᠢᠭᠯᠠᠨ᠂ ᠨᠢᠭᠡᠨ ᠬᠦᠴᠦᠨ ᠢ᠋ᠶ᠋ᠡᠷ ᠬᠠᠭᠠᠭᠰᠠᠨ ᠢ᠋ ᠰᠢᠪᠲᠤᠯᠬᠤᠶ᠎ᠠ᠂ ᠮᠢᠨᠦ ᠳᠤᠮᠳᠠᠳᠤ ᠬᠤᠷᠤᠭᠤᠨ ᠤ᠋ ᠴᠢᠰᠤ᠂ ᠪᠤᠰᠤᠳ ᠤ᠋ᠨ ᠴᠢᠰᠤᠨ ᠯᠤᠭ᠎ᠠ ᠠᠷᠢᠬᠢᠨ ᠤ᠋ ᠳᠣᠲᠣᠷ᠎ᠠ ᠦᠯᠦ ᠨᠡᠢᠯᠡᠬᠦ ᠨᠢᠭᠡᠨ ᠬᠡᠷᠡᠭ᠂ ᠵᠢᠴᠢ ᠡᠨᠡ ᠡᠳᠦᠷ᠎ᠡ ᠡᠷᠭᠢᠵᠦ ᠲᠦᠯᠬᠢᠭᠰᠡᠨ ᠰᠢᠯᠲᠠᠭ ᠦᠭᠡᠰ ᠡᠭᠡᠨᠡᠭᠲᠡ ᠦᠨᠡᠨ ᠬᠡᠷᠡᠭ ᠪᠣᠯᠤᠨ ᠴᠠᠭᠠᠨ ᠭᠡᠷᠡᠯ ᠲᠤᠶᠠᠭ᠎ᠠ ᠴᠠᠭ ᠳᠣᠲᠣᠷ᠎ᠠ᠂ ᠣᠭᠲᠠᠷᠠᠭᠤᠢ ᠭᠠᠵᠠᠷ᠎ᠠ ᠳᠦᠭᠦᠷᠴᠦ᠂ ᠮᠢᠬ᠎ᠠ ᠮᠠᠬᠠᠪᠣᠳ ᠤ᠋ᠨ ᠪᠠᠷᠢᠮᠲᠠ ᠰᠢᠲᠦᠭᠳᠡᠯ ᠦᠭᠡᠢ᠂ ᠬᠥᠨᠳᠡᠢ ᠬᠣᠭᠣᠰᠣᠨ ᠭᠡᠷᠡᠯ ᠲᠤᠶᠠᠭ᠎ᠠ ᠶ᠋ᠢᠨ ᠳᠣᠲᠣᠷ᠎ᠠ ᠠ᠋ᠴᠠ ᠬᠠᠰ ᠪᠣᠯᠣᠷ ᠤ᠋ᠨ ᠵᠡᠷᠭᠡ ᠬᠠᠲᠠᠭᠤ ᠪᠣᠳᠠᠰ ᠤ᠋ᠨ ᠠᠶᠠᠭ᠎ᠠ ᠪᠠᠭᠤᠭᠰᠠᠨ ᠡᠨᠡ ᠨᠢᠭᠡᠨ ᠬᠡᠷᠡᠭ ᠲᠡᠢ ᠥᠪᠡᠷᠦᠨ ᠪᠡᠶ᠎ᠡ ᠬᠢᠭᠡᠳ ᠦᠯᠡᠮᠵᠢ ᠣᠯᠠᠨ ᠨᠡᠢᠲᠡ ᠯᠦ᠍ᠭᠡ ᠨᠢᠳᠦᠨ ᠢ᠋ᠶ᠋ᠡᠷ ᠦᠵᠡᠨ᠂ ᠭᠠᠷ ᠢ᠋ᠶ᠋ᠠᠷ ᠪᠠᠷᠢᠨ᠂ ᠠᠮᠠᠨ ᠢ᠋ᠶ᠋ᠠᠷ ᠠᠮᠰᠠᠨ ᠪᠡᠶ᠎ᠡ ᠪᠡᠷ ᠢ᠋ᠶ᠋ᠡᠨ ᠥᠩᠭᠡᠷᠡᠭᠡᠵᠦ᠂ ᠲᠦᠯᠬᠢᠨ ᠰᠢᠯᠲᠠᠭᠯᠠᠬᠤ ᠭᠠᠵᠠᠷ ᠦᠭᠡᠢ ᠪᠣᠯᠤᠭᠰᠠᠨ ᠪᠥᠭᠡᠳ ᠨᠡᠩ ᠪᠠᠰᠠ ᠪᠡᠶ᠎ᠡ ᠡᠴᠡ ᠰᠢᠮᠡᠳᠴᠦ ᠡᠭᠦᠰᠬᠡᠭᠰᠡᠨ ᠲᠥᠷᠥᠭᠰᠡᠨ ᠡᠬᠡ ᠲᠠᠢᠬᠡᠦ᠂ ᠲᠦᠭᠡᠯ ᠡᠵᠡᠨ ᠡᠴᠢᠭᠡ ᠶ᠋ᠢᠨ ᠴᠢᠩ ᠦᠨᠡᠩᠭᠦ ᠤᠷᠲᠤᠳᠠ ᠶ᠋ᠢᠨ ᠥᠭᠦᠯᠡᠯ ᠵᠠᠷᠯᠢᠭ ᠤᠳᠠᠭ᠎ᠠ ᠳᠠᠷᠠᠭ᠎ᠠ ᠳᠠᠬᠢᠨ ᠳᠠᠪᠲᠠᠨ ᠪᠠᠭᠤᠯᠭᠠᠭᠰᠠᠨ ᠠᠲᠠᠯ᠎ᠠ᠂ ᠮᠡᠬᠦᠰ ᠬᠥᠮᠦᠨ ᠪᠢ ᠮᠢᠨᠦ ᠥᠪᠡᠷᠦᠨ ᠰᠢᠯᠲᠠᠭᠠᠨ ᠲᠠᠢ ᠪᠣᠯᠬᠤ ᠦᠶᠡᠰ ᠢ᠋ ᠮᠢᠨᠦ ᠥᠪᠡᠷᠦᠨ ᠨᠢᠳᠦ ᠪᠡᠷ ᠦᠵᠡᠵᠦ ᠮᠡᠳᠡᠭᠰᠡᠨ ᠬᠡᠷᠡᠭ ᠪᠤᠰᠤ ᠭᠡᠮᠡᠨ ᠲᠠᠰᠤᠯᠤᠨ ᠵᠣᠭᠰᠣᠭᠠᠰᠤᠭᠠᠢ ᠬᠡᠮᠡᠬᠦᠯ᠎ᠡ᠂ ᠡᠵᠡᠨ ᠬᠠᠭᠠᠨ ᠪᠥᠭᠡᠳ ᠡᠴᠢᠭᠡ ᠡᠬᠡ ᠪᠡᠨ ᠡᠰᠡ ᠦᠨᠡᠮᠰᠢᠶᠡᠬᠦᠢ ᠶ᠋ᠢᠨ ᠰᠤᠨᠵᠢᠭᠤᠷᠢ ᠳ᠋ᠤᠷ ᠬᠠᠯᠳᠠᠬᠤᠢ ᠶ᠋ᠢᠨ ᠲᠤᠯᠠᠳᠠ᠂ ᠳᠡᠭᠡᠳᠦ ᠡᠵᠡᠨ ᠡᠴᠢᠭᠡ ᠪᠠ ᠡᠬᠡ ᠲᠠᠢᠬᠡᠦ ᠬᠢᠭᠡᠳ ᠡᠷᠡᠮᠡᠯᠵᠡᠯᠡᠯᠲᠦ ᠳᠥᠷᠪᠡᠨ ᠳᠡᠭᠦᠦ ᠸᠠᠩ ᠤ᠋ᠳ ᠡᠷᠭᠢᠯᠡᠯᠳᠦ ᠵᠠᠭᠤᠨ ᠰᠠᠢᠳ ᠤ᠋ᠳ ᠤ᠋ᠨ ᠴᠢᠩ ᠦᠨᠡᠩᠬᠦ ᠪᠠᠷᠢᠮᠲᠠᠯᠠᠯ ᠢ᠋ ᠪᠠᠷᠢᠵᠤ᠂ ᠢᠯᠡ ᠭᠡᠷᠡᠴᠢ ᠲᠡᠢ ᠵᠠᠷᠯᠠᠯ ᠢ᠋ ᠶᠠᠭᠠᠬᠢᠨ ᠶᠠᠪᠤᠭᠤᠯᠬᠤ ᠦᠭᠡᠢ ᠪᠣᠯᠭᠠᠨ ᠴᠢᠳᠠᠮᠤᠢ᠃ ᠨᠡᠩ ᠪᠠᠰᠠ ᠳᠡᠭᠡᠳᠦ ᠯᠢᠶᠧ ᠽᠦ᠍ ᠬᠠᠭᠠᠨ ᠡᠴᠢᠭᠡ ᠶ᠋ᠢᠨ ᠮᠢᠨᠦ ᠪᠡᠶ᠎ᠡ ᠶ᠋ᠢ ᠰᠢᠯᠲᠠᠭᠠᠨ ᠵᠢᠷᠮᠦᠰᠦᠨ ᠪᠤᠯᠬᠤᠢ ᠶ᠋ᠢᠨ ᠴᠠᠭᠠᠨ ᠭᠡᠷᠡᠯ ᠭᠡᠭᠡᠬᠡᠨ ᠲᠤᠶᠠᠭᠠᠨ ᠤ᠋ ᠪᠡᠯᠭᠡ ᠲᠡᠮᠳᠡᠭ ᠢ᠋ ᠤᠷᠲᠤᠳᠠ ᠵᠠᠬᠢᠳᠠᠭ ᠢ᠋ ᠮᠡᠬᠦᠰ ᠬᠥᠮᠦᠨ ᠪᠢ ᠶᠢᠰᠦᠨ ᠨᠠᠰᠤᠯᠠᠲᠠᠯ᠎ᠠ ᠤᠷᠲᠤᠳᠠ ᠰᠣᠨᠣᠰᠤᠭᠰᠠᠨ ᠪᠣᠯᠪᠠᠴᠤ᠂ ᠨᠢᠯᠬ᠎ᠠ ᠴᠠᠭ ᠲᠤᠷ ᠲᠡᠨᠡᠷᠭᠡᠨ ᠪᠠᠶᠠᠷᠯᠠᠵᠤ ᠶᠠᠪᠤᠪᠠᠢ᠃ ᠥᠰᠦᠭᠰᠡᠨ ᠦ᠌ ᠬᠣᠢᠨ᠎ᠠ ᠢᠲᠡᠭᠡᠮᠵᠢᠯᠡᠬᠦ ᠦᠭᠡᠢ ᠰᠡᠵᠢᠭᠯᠡᠬᠦ ᠲᠠᠭᠠᠮᠵᠢᠯᠠᠯ ᠲᠥᠷᠥᠯᠦᠭᠡ᠃ ᠡᠳᠦᠭᠡ ᠳ᠋ᠡᠭᠡᠨ ᠪᠣᠯᠪᠠᠴᠤ ᠮᠥᠨ ᠬᠦ᠌ ᠳᠡᠮᠡᠢ ᠪᠠᠯᠠᠢ ᠡᠷᠭᠦᠯᠭᠢᠯᠡᠨ ᠮᠠᠭᠲᠠᠯᠴᠠᠬᠤᠢ ᠶ᠋ᠢᠨ ᠬᠠᠷᠠᠭ᠎ᠠ ᠪᠣᠢ ᠊ᠶ᠎ᠠ ᠭᠡᠮᠡᠨ ᠲᠣᠳᠣᠷᠬᠠᠢ ᠶᠡᠬᠡ ᠬᠠᠤᠯᠢ ᠬᠣᠴᠣᠷᠯᠠᠯ ᠳ᠋ᠤᠷ ᠲᠣᠭᠠᠴᠢᠬᠤ ᠦᠭᠡᠢ ᠪᠥᠬᠥᠶ᠎ᠡ᠂ ᠡᠷᠲᠡᠨ ᠦ᠌ ᠥᠭᠡᠳᠡ ᠪᠣᠯᠤᠭᠰᠠᠨ ᠯᠢᠶᠧ ᠽᠦ᠍ ᠬᠠᠭᠠᠨ ᠡᠴᠢᠭᠡ ᠶ᠋ᠢᠨ ᠬᠠᠭᠤᠴᠢᠨ ᠵᠠᠷᠯᠢᠭ ᠢ᠋ ᠳᠤᠷᠠᠳᠤᠨ᠂ ᠡᠬᠡ ᠲᠠᠢᠬᠡᠦ ᠪᠠ ᠪᠠᠰᠠ ᠳᠡᠭᠦᠦ ᠸᠠᠩ ᠨᠠᠷ ᠵᠠᠭᠤᠨ ᠰᠠᠢᠳ ᠨᠠᠷ ᠲᠥᠷᠥ ᠶ᠋ᠢᠨ ᠬᠣᠲᠠᠯᠠᠭᠠᠷ ᠵᠥᠪᠳᠡᠨ᠂ ᠬᠣᠶᠠᠷ ᠥᠨᠳᠥᠷ ᠢᠵᠠᠭᠤᠷ ᠲᠠᠪᠤᠨ ᠦᠶ᠎ᠡ ᠶ᠋ᠢᠨ ᠬᠣᠢᠰᠢ ᠤᠷᠤᠭ ᠪᠠᠷᠢᠯᠴᠠᠨ ᠶᠠᠪᠤᠪᠠᠰᠤ᠂ ᠥᠨᠳᠥᠷ ᠢᠵᠠᠭᠤᠷ ᠠᠷᠢᠭᠤᠨ ᠦᠨᠳᠦᠰᠦᠲᠡᠨ ᠦ᠌ ᠤᠪᠠᠳᠢᠰ ᠴᠢᠨᠠᠷ ᠰᠦᠢᠳᠦᠨ ᠳᠣᠷᠣᠢᠲᠠᠬᠤ ᠦᠭᠡᠢ᠂ ᠬᠣᠢᠴᠢᠬᠢ ᠦᠶ᠎ᠡ ᠶ᠋ᠢᠨ ᠦᠷ᠎ᠡ ᠠᠴᠢᠨᠠᠷ᠂ ᠬᠥᠮᠦᠵᠢᠯᠲᠡᠢ ᠳᠦᠷᠰᠦᠲᠡᠢ ᠲᠥᠷᠥᠬᠦ ᠭᠡᠮᠡᠨ ᠳᠠᠬᠢᠨ ᠳᠠᠬᠢᠨ ᠵᠠᠷᠯᠢᠭ ᠪᠠᠭᠤᠯᠭᠠᠬᠤ ᠠᠨᠤ ᠪᠠᠰᠠᠴᠤ ᠥᠨᠢ ᠬᠣᠯᠠ ᠤᠳᠠᠭᠠᠨ ᠤᠷᠲᠤ᠂ ᠢᠷᠡᠭᠡᠳᠦᠢ ᠴᠠᠭ ᠦᠶᠡᠰ ᠦ᠋ᠨ ᠦᠷ᠎ᠡ ᠠᠴᠢᠨᠠᠷ ᠲᠤᠷ ᠬᠣᠴᠣᠷᠯᠠᠯ ᠪᠣᠯᠬᠤ ᠲᠤᠯᠠ᠂ ᠡᠳᠦᠭᠡ ᠦᠶ᠎ᠡ ᠶ᠋ᠢᠨ ᠳᠣᠣᠷ᠎ᠠ ᠪᠠᠨ ᠪᠠᠶᠠᠨ ᠡᠷᠬᠢᠮ ᠡᠴᠡ ᠬᠠᠷᠢᠨᠴᠤ ᠳᠡᠭᠡᠷ᠎ᠡ ᠪᠣᠯᠠᠢ᠃ ᠮᠡᠬᠦᠰ ᠬᠥᠮᠦᠨ ᠮᠢᠨᠦ ᠪᠡᠶ᠎ᠡ ᠶ᠋ᠢᠨ ᠰᠢᠯᠲᠠᠭᠠᠨ ᠲᠠᠢ ᠪᠣᠯᠬᠤᠢ ᠶ᠋ᠢᠨ ᠭᠡᠭᠡᠬᠡᠨ ᠭᠡᠷᠡᠯ ᠴᠠᠭᠠᠨ ᠲᠤᠶᠠᠭ᠎ᠠ ᠠ᠋ᠴᠠ ᠳᠠᠷᠠᠭᠠᠯᠠᠨ ᠵᠦᠢᠯ ᠵᠦᠢᠯ ᠦ᠋ᠨ ᠡᠩ ᠥᠲᠡᠯ᠎ᠡ ᠳ᠋ᠦ᠍ᠷ ᠦᠭᠡᠢ ᠰᠣᠨᠢᠨ ᠥᠪᠡᠷ᠎ᠡ ᠪᠡᠯᠭᠡ ᠲᠡᠮᠳᠡᠭ ᠦ᠋ᠨ ᠵᠦᠢᠯ ᠢ᠋ ᠬᠣᠯᠠ ᠠᠭᠯᠠᠭ᠂ ᠲᠥᠪᠡᠳ ᠲᠠᠩᠭᠤᠳ᠂ ᠤᠢᠭᠤᠷ᠂ ᠣᠷᠣᠰ᠂ ᠬᠢᠲᠠᠳ ᠨᠠᠩᠭᠢᠶᠠᠳ᠂ ᠣᠷᠣᠩᠭ᠎ᠠ ᠰᠣᠯᠣᠩᠭ᠎ᠠ ᠵᠡᠷᠭᠡ ᠶ᠋ᠢᠨ ᠣᠯᠠᠨ ᠰᠡᠴᠡᠳ ᠮᠡᠷᠭᠡᠳ ᠪᠢᠴᠢᠭ ᠴᠢᠳᠠᠯᠲᠠᠨ ᠠ᠋ᠴᠠ ᠨᠡᠬᠡᠮᠵᠢᠯᠡᠨ ᠠᠰᠠᠭᠤᠪᠠᠰᠤ ᠡᠩ ᠡᠷᠲᠡᠨ ᠦ᠌ ᠡᠨᠡᠳᠬᠡᠭ ᠪᠠᠯᠪᠤ ᠲᠥᠪᠡᠳ ᠲᠠᠩᠭᠤᠳ ᠤ᠋ᠨ ᠴᠡᠳᠢᠭ ᠰᠤᠳᠤᠷ ᠠ᠋ᠴᠠ ᠡᠨᠡᠳᠬᠡᠭ ᠦ᠋ᠨ ᠦᠨᠳᠦᠰᠦᠲᠦ ᠤᠯᠤᠰ ᠤ᠋ᠨ ᠡᠴᠢᠭᠡ ᠬᠠᠭᠠᠨ ᠢ᠋ᠶ᠋ᠠᠨ ᠣᠷᠣᠢ ᠠ᠋ᠴᠠ ᠮᠡᠨᠳᠦᠯᠡᠭᠰᠡᠨ ᠬᠠᠨ ᠬᠥᠪᠡᠭᠦᠨ ᠡᠴᠡ ᠡᠬᠢᠯᠡᠨ᠂ ᠰᠤᠭᠤᠨ ᠠ᠋ᠴᠠ ᠮᠡᠨᠳᠦᠯᠡᠭᠰᠡᠨ ᠴᠡᠭᠡᠵᠢᠨ ᠡᠴᠡ ᠭᠠᠷᠤᠭᠰᠠᠨ᠂ ᠬᠡᠪᠡᠯᠢ ᠡᠴᠡ ᠭᠠᠷᠤᠭᠰᠠᠨ ᠵᠡᠷᠭᠡ ᠶ᠋ᠢᠨ ᠰᠣᠨᠢᠨ ᠡᠲᠡᠭᠡᠳ ᠢ᠋ᠶ᠋ᠡᠷ ᠲᠥᠷᠥᠭᠰᠡᠨ ᠡᠴᠡ ᠡᠬᠢᠯᠡᠨ ᠡᠰᠢ ᠲᠡᠳᠡᠨ ᠥᠴᠢᠵᠦ᠂ ᠬᠣᠵᠢᠮ ᠬᠡᠳᠦᠢ ᠤᠮᠠᠢ ᠠ᠋ᠴᠠ ᠲᠥᠷᠥᠭᠰᠡᠨ ᠢ᠋ ᠲᠣᠭᠠᠴᠢᠬᠤᠶ᠎ᠠ᠂ ᠡᠮᠦᠨᠡᠲᠦ ᠨᠠᠩᠭᠢᠶᠠᠳ ᠬᠢᠲᠠᠳ ᠲᠤᠷ ᠪᠣᠯᠪᠠᠴᠤ᠂ ᠡᠷᠲᠡᠨ ᠦ᠌ ᠲᠠᠪᠤᠨ ᠳᠢ᠂  ᡁᠢ - ᠱᠣᠣ ᠬᠣᠣ ᠬᠤᠪᠢᠯᠭᠠᠨ ᠷᠠᠭᠢᠨᠢ ᠠ᠋ᠴᠠ ᠲᠥᠷᠥᠭᠰᠡᠨ᠂ ᠶᠣᠣ ᠬᠠᠭᠠᠨ᠂ ᠴᠠᠩ ᠭᠧ ᠲᠡᠭᠷᠢ ᠶ᠋ᠢᠨ ᠥᠬᠢᠨ ᠡᠴᠡ ᠲᠥᠷᠥᠭᠰᠡᠨ᠂ ᠪᠠᠰᠠ ᠱᠦᠨ ᠬᠠᠭᠠᠨ ᠰᠣᠯᠣᠩᠭ᠎ᠠ ᠶ᠋ᠢᠨ ᠭᠡᠷᠡᠯ ᠡᠴᠡ ᠵᠢᠷᠮᠦᠰᠦᠨ ᠪᠣᠯᠤᠭᠰᠠᠨ ᠬᠢᠭᠡᠳ ᠴᠢᠨ ᠤᠯᠤᠰ ᠤ᠋ᠨ ᠱᠢ ᠬᠤᠸᠠᠩ ᠡᠬᠡ ᠶ᠋ᠢᠨ ᠬᠡᠪᠡᠯᠢ ᠳ᠋ᠦ᠍ᠷ ᠠᠷᠪᠠᠨ ᠬᠣᠶᠠᠷ ᠰᠠᠷ᠎ᠠ ᠪᠣᠯᠤᠭᠰᠠᠨ᠂ ᠬᠠᠨ ᠤᠯᠤᠰ ᠤ᠋ᠨ ᠯᠢᠦ ᠪᠠᠩ ᠱᠣ ᠣᠷᠢᠶᠠᠭᠰᠠᠨ ᠡᠬᠡᠨᠡᠷ ᠡᠴᠡ ᠲᠥᠷᠥᠭᠰᠡᠨ ᠵᠡᠷᠭᠡ ᠶ᠋ᠢᠨ ᠵᠦᠢᠯ ᠵᠦᠢᠯ ᠦ᠋ᠨ ᠮᠣᠬᠣᠰᠢ ᠦᠭᠡᠢ᠂ ᠤᠬᠠᠰᠢ ᠦᠭᠡᠢ᠂ ᠤᠴᠢᠷ ᠵᠦᠢ ᠳ᠋ᠦ᠍ᠷ ᠨᠡᠢᠴᠡᠰᠢ ᠦᠭᠡᠢ᠂ ᠬᠠᠤᠯᠢ ᠰᠢᠯᠲᠠᠭᠠᠨ᠎ᠠ ᠬᠤᠰᠤᠯᠳᠤᠰᠢ ᠦᠭᠡᠢ᠂ ᠤᠬᠠᠭᠠᠨ ᠣᠶᠤᠨ ᠳ᠋ᠤᠷ ᠦᠯᠦ ᠲᠥᠷᠥᠭᠳᠡᠨ᠂ ᠦᠭᠡ ᠤᠯᠠᠮᠵᠢᠯᠠᠯ ᠳ᠋ᠤᠷ ᠢᠲᠡᠭᠡᠮᠵᠢᠯᠡᠬᠦᠶ᠎ᠡ ᠪᠡᠷᠬᠡ ᠡᠳᠡᠭᠡᠷ ᠵᠡᠷᠭᠡ ᠶ᠋ᠢᠨ ᠵᠦᠢᠯ ᠵᠦᠢᠯ ᠦ᠋ᠨ ᠵᠡᠭᠦᠳᠦᠨ ᠡᠴᠡ ᠵᠢᠷᠮᠦᠰᠦᠨ ᠣᠯᠤᠭᠰᠠᠨ᠂ ᠭᠡᠷᠡᠯ ᠡᠴᠡ ᠤᠷᠤᠭ ᠲᠣᠭᠲᠠᠭᠰᠠᠨ᠂ ᠬᠥᠯ ᠦ᠋ᠨ ᠮᠥᠷ ᠢ᠋ ᠭᠢᠰᠬᠢᠵᠦ ᠳᠠᠪᠬᠤᠷᠲᠠᠢ ᠪᠣᠯᠵᠤ᠂ ᠲᠣᠭᠣᠷ ᠤ᠋ᠨ ᠴᠡᠴᠡᠭ ᠢ᠋ ᠵᠡᠭᠦᠭᠡᠳ ᠰᠢᠯᠲᠠᠭᠠᠨ ᠲᠠᠢ ᠪᠣᠯᠤᠭᠰᠠᠨ ᠵᠡᠷᠭᠡ ᠶ᠋ᠢᠨ ᠵᠠᠭᠤᠨ ᠮᠢᠩᠭᠠᠨ ᠥᠪᠡᠷ᠎ᠡ ᠵᠦᠢᠯ ᠵᠦᠢᠯ ᠦ᠋ᠨ ᠡᠲᠡᠭᠡᠳ ᠢ᠋ᠶ᠋ᠡᠷ ᠬᠥᠮᠦᠨ ᠲᠥᠷᠥᠭᠰᠡᠨ ᠢ ᠲᠠᠲᠠᠵᠤ ᠤᠳᠤᠷᠢᠳᠤᠨ᠂ ᠰᠤᠳᠤᠷᠴᠢᠯᠠᠨ ᠥᠭᠦᠯᠡᠵᠦ ᠦᠯᠢᠭᠡᠷᠴᠢᠯᠡᠨ ᠬᠡᠯᠡᠬᠦ᠂ ᠦᠵᠦᠭᠦᠷ ᠦᠭᠡᠢ ᠬᠢᠵᠠᠭᠠᠷ ᠦᠭᠡᠢ ᠣᠯᠠᠨ ᠠ᠋ᠴᠠ ᠰᠣᠨᠢᠨ ᠡᠲᠡᠭᠡᠳ ᠥᠪᠡᠷ᠎ᠡ ᠵᠦᠢᠯ ᠦ᠋ᠨ ᠬᠥᠮᠦᠨ ᠲᠥᠷᠥᠭᠰᠡᠨ ᠦ᠌ ᠦᠭᠡ ᠰᠢᠭᠦᠮᠵᠢᠯᠡᠯ ᠪᠣᠢ ᠪᠦᠬᠦᠢ ᠶ᠋ᠢᠨ ᠲᠤᠯᠠᠳᠠ᠂ ᠮᠡᠬᠦᠰ ᠮᠢᠨᠦ ᠭᠠᠭᠴᠠᠭᠠᠷ ᠤ᠋ᠨ ᠲᠡᠳᠦᠢᠯᠡ ᠮᠣᠬᠣᠭᠠᠨ ᠲᠠᠰᠤᠯᠵᠤ᠂ ᠨᠢᠭᠡᠮᠦᠰᠦᠨ ᠦᠭᠡᠢ ᠪᠣᠯᠭᠠᠪᠠᠰᠤ ᠦᠯᠦ ᠴᠢᠳᠠᠬᠤᠢ ᠶ᠋ᠢᠨ ᠲᠤᠯᠠᠳᠠ᠂ ᠡᠵᠡᠨ ᠬᠠᠭᠠᠨ ᠪᠣᠯᠪᠠᠴᠤ ᠪᠠᠷ ᠡᠩᠭᠡᠷ ᠨᠡᠢᠲᠡ ᠶ᠋ᠢᠨ ᠦᠨᠡᠮᠰᠢᠶᠡᠯ ᠢ᠋ ᠡᠷᠬᠡ ᠪᠡᠷ ᠮᠤᠰᠬᠢᠨ ᠲᠠᠰᠤᠯᠵᠤ ᠦᠯᠦ ᠪᠣᠯᠬᠤ ᠪᠥᠭᠡᠳ ᠡᠢᠮᠦ ᠰᠠᠢᠨ ᠵᠦᠢᠯ ᠪᠣᠢ ᠪᠥᠭᠡᠰᠦ ᠢᠷᠡᠭᠡᠳᠦᠢ ᠬᠣᠵᠢᠮ ᠤ᠋ᠨ ᠴᠠᠭ ᠦᠶᠡᠰ ᠲᠣᠷ ᠥᠨᠳᠥᠷ ᠢᠵᠠᠭᠤᠷᠲᠠᠨ ᠠ᠋ᠴᠠ ᠳᠦᠷᠰᠦᠲᠦ ᠬᠡᠦᠬᠡᠳ ᠠᠴᠢᠨᠠᠷ ᠲᠥᠷᠥᠪᠡᠰᠦ ᠥᠨᠳᠥᠷ ᠢᠵᠠᠭᠤᠷ᠂ ᠠᠷᠢᠭᠤᠨ ᠤᠳᠤᠮ ᠢ᠋ᠶ᠋ᠠᠨ ᠬᠠᠢᠷᠠᠯᠠᠨ ᠰᠠᠬᠢᠵᠤ᠂ ᠬᠢᠴᠢᠶᠡᠨ ᠴᠢᠷᠮᠠᠢᠬᠤᠢ ᠨᠢᠭᠡᠨ ᠡᠭᠦᠳᠡ ᠵᠠᠮ ᠣᠳᠳᠣᠷᠢᠯᠰᠣᠨ ᠨᠡᠬᠡᠮᠵᠢᠯᠡᠯ ᠦ᠋ᠨ ᠬᠣᠴᠣᠷᠯᠠᠯ ᠦᠯᠡᠳᠡᠪᠦᠷᠢ ᠪᠣᠯᠬᠤᠢ ᠶ᠋ᠢᠨ ᠲᠤᠯᠠᠳᠠ᠂ ᠳᠠᠷᠤᠢ ᠡᠬᠡ ᠲᠠᠢᠬᠡᠦ ᠶ᠋ᠢᠨ ᠬᠥᠬᠢᠭᠡᠯᠳᠦ ᠵᠠᠷᠯᠢᠭ ᠰᠣᠶᠣᠷᠬᠠᠯ ᠤ᠋ᠨ ᠶᠣᠰᠣᠭᠠᠷ᠂ ᠡᠭᠦᠷᠢᠳᠡ ᠶ᠋ᠢᠨ ᠬᠠᠤᠯᠢ᠂ ᠥᠨᠢᠳᠡ ᠶ᠋ᠢᠨ ᠮᠥᠷᠳᠠᠯ ᠪᠣᠯᠭᠠᠨ ᠦᠯᠡᠳᠡᠭᠡᠭᠲᠦᠨ᠃ ᠡᠷᠲᠡᠨ ᠦ᠌ ᠪᠤᠲᠠᠨᠴᠢᠷ ᠪᠣᠭᠳᠠ ᠶ᠋ᠢᠨ ᠤᠳᠤᠮ ᠢ᠋ ᠬᠡᠶᠡᠳ ᠶᠠᠰᠤᠲᠤ ᠪᠣᠷᠵᠢᠭᠢᠳ ᠮᠢᠨᠦ ᠪᠡᠶ᠎ᠡ ᠶ᠋ᠢᠨ ᠢᠵᠠᠭᠤᠷ ᠢ᠋ ᠴᠡᠭᠡᠬᠡᠨ ᠶᠠᠰᠤᠲᠤ ᠪᠣᠷᠵᠢᠭᠢᠳ᠂ ᠪᠠᠰᠠ ᠴᠤᠬᠠᠭ ᠴᠥᠭᠡᠨ ᠢ᠋ᠶ᠋ᠡᠷ ᠠᠯᠲᠠᠨ ᠶᠠᠰᠤᠲᠤ ᠭᠡᠮᠡᠨ ᠡᠷᠭᠦᠭᠰᠡᠨ ᠢᠯᠭᠠᠪᠤᠷᠢ ᠪᠠᠷ ᠬᠣᠶᠠᠷ ᠢᠵᠠᠭᠤᠷ ᠲᠠᠪᠤᠨ ᠦᠶ᠎ᠡ ᠰᠤᠨᠤᠭᠰᠠᠨ ᠬᠣᠢᠨ᠎ᠠ ᠬᠠᠷᠢᠯᠴᠠᠨ ᠤᠷᠤᠭ ᠪᠠᠷᠢᠯᠴᠠᠬᠤ ᠶᠠᠪᠤᠳᠠᠯ ᠢ᠋ ᠡᠵᠡᠨ ᠡᠴᠢᠭᠡ᠂ ᠡᠬᠡ ᠲᠠᠢᠬᠡᠦ ᠶ᠋ᠢᠨ ᠵᠠᠷᠯᠢᠭᠴᠢᠯᠠᠨ ᠲᠠᠰᠣᠷᠬᠠᠶ᠎ᠠ ᠲᠣᠭᠲᠠᠭᠠᠭᠲᠤᠨ᠃ ᠨᠡᠩ ᠪᠠᠰᠠ ᠳᠡᠭᠡᠷ᠎ᠡ ᠳᠣᠣᠷ᠎ᠠ ᠳᠣᠲᠣᠷ᠎ᠠ ᠭᠠᠳᠠᠨ᠎ᠠ ᠳᠥᠷᠪᠡᠨ ᠵᠦᠭ ᠨᠠᠢ᠍ᠮᠠᠨ ᠵᠣᠪᠬᠢᠰ ᠤᠯᠤᠰ ᠲᠥᠷᠥ ᠶ᠋ᠢᠨ ᠬᠣᠲᠠᠯᠠ ᠪᠦᠭᠦᠳᠡᠭᠡᠷ ᠮᠥᠨ ᠬᠡᠮᠡᠪᠡᠰᠦ ᠮᠥᠨ ᠪᠥᠭᠡᠳ ᠦᠨᠡᠨ ᠬᠡᠮᠡᠪᠡᠰᠦ ᠦᠨᠡᠨ ᠪᠣᠯᠭᠠᠬᠤ ᠠᠨᠤ ᠡᠵᠡᠨ ᠪᠣᠯᠤᠭᠴᠢᠳ ᠤ᠋ᠨ ᠡᠩ ᠦ᠋ᠨ ᠶᠠᠪᠤᠳᠠᠯ ᠪᠣᠢ ᠊ᠶ᠎ᠠ᠃ ᠬᠠᠮᠤᠭ ᠤ᠋ᠨ ᠰᠠᠢᠨ ᠬᠦᠰᠡᠯ ᠢ᠋ ᠡᠵᠡᠨ ᠪᠣᠯᠤᠭᠰᠠᠨ ᠳ᠋ᠤᠷ ᠢ᠋ᠶ᠋ᠠᠨ ᠡᠷᠳᠦᠵᠦ᠂ ᠬᠠᠭᠠᠨ ᠰᠠᠭᠤᠭᠰᠠᠨ ᠳ᠋ᠠᠭᠠᠨ ᠬᠠᠰᠤᠪᠠᠰᠤ᠂ ᠬᠠᠭᠠᠨ ᠬᠥᠮᠦᠨ ᠦ᠌ ᠬᠠᠮᠤᠭ ᠢᠷᠭᠡᠳ ᠢ᠋ᠶ᠋ᠡᠨ ᠬᠠᠯᠠᠭᠤᠨ ᠰᠦᠰᠦᠭᠯᠡᠯ ᠢ᠋ ᠲᠠᠰᠤᠯᠤᠭᠰᠠᠨ ᠬᠠᠷᠰᠢᠯ ᠳ᠋ᠤᠷ ᠬᠠᠷᠰᠢᠯᠠᠬᠤᠢ ᠶ᠋ᠢᠨ ᠣᠴᠢᠷ᠎ᠠ᠂ ᠬᠠᠰ ᠲᠤᠷ ᠰᠡᠢᠯᠦᠨ᠂ ᠠᠯᠳᠠᠨ᠎ᠠ ᠠᠬᠤᠭᠤᠯᠤᠨ᠂ ᠬᠤᠯᠤᠰᠤᠨ᠎ᠠ ᠬᠣᠴᠣᠷᠤᠭᠤᠯᠵᠤ᠂ ᠲᠣᠷᠭᠠᠨ᠎ᠠ ᠪᠢᠴᠢᠭᠦᠯᠵᠦ᠂ ᠬᠠᠮᠤᠭ ᠲᠤᠷ ᠵᠠᠷᠯᠠᠵᠤ᠂ ᠬᠠᠮᠲᠤᠳᠠ ᠳ᠋ᠤᠷ ᠲᠦᠭᠡᠭᠡᠨ ᠬᠠᠳᠠᠭᠠᠯᠠᠭᠤᠯᠤᠭᠲᠤᠨ 》 ᠭᠡᠮᠡᠨ ᠵᠠᠷᠯᠢᠭ ᠢ᠋ᠶ᠋ᠠᠷ ᠲᠣᠭᠲᠠᠭᠠᠨ ᠶᠠᠪᠤᠭᠤᠯᠪᠠ᠃ 
       ᠡᠨᠡ ᠨᠢᠭᠡᠨ ᠬᠡᠰᠡᠭ ᠲᠣᠷ ᠬᠣᠶᠠᠷ ᠵᠦᠢᠯ ᠦ᠋ᠨ ᠴᠢᠬᠤᠯᠠ ᠦᠶᠡᠰ ᠪᠠᠢᠬᠤ ᠠᠨᠤ : ᠨᠢᠭᠡᠨ ᠢᠨᠦ ᠴᠡᠭᠡᠬᠡᠨ ᠶᠠᠰᠤᠲᠤ ᠪᠣᠷᠵᠢᠭᠢᠳ ᠬᠡᠮᠡᠭᠰᠡᠨ ᠢᠨᠦ᠂ ᠴᠡᠭᠡᠬᠡᠨ ᠬᠡᠮᠡᠭᠴᠢ ᠴᠠᠭᠠᠬᠠᠨ ᠬᠡᠮᠡᠬᠦ ᠬᠠᠭᠤᠴᠢᠨ ᠮᠣᠩᠭᠣᠯ ᠦᠭᠡ ᠪᠤᠶᠤ᠃ ᠶᠡᠬᠡ ᠠᠷᠤ ᠭᠠᠵᠠᠷ᠎ᠠ 《ᠰᠦᠨ ᠴᠠᠭ᠎ᠠ 》 ᠶ᠋ᠢ 《ᠰᠦ ᠴᠡᠭᠡ 》ᠬᠡᠮᠡᠮᠦᠢ᠃ ᠳᠥᠷᠪᠡᠨ ᠳᠡᠭᠦᠦ ᠸᠠᠩ ᠤ᠋ᠨ ᠦᠷᠡᠰ ᠢ᠋ ᠬᠡᠶᠡᠳ ᠶᠠᠰᠤᠲᠤ ᠪᠣᠷᠵᠢᠭᠢᠳ ᠭᠡᠮᠡᠨ ᠲᠠᠢᠽᠦ ᠴᠢᠩᠭᠢᠰ ᠬᠠᠭᠠᠨ ᠤ᠋ ᠦᠷᠡᠰ ᠢ᠋ ᠴᠡᠭᠡᠬᠡᠨ ᠶᠠᠰᠤᠲᠤ ᠪᠣᠷᠵᠢᠭᠢᠳ ᠬᠡᠮᠡᠭᠰᠡᠨ ᠢ᠋ᠶ᠋ᠡᠷ ᠡᠳᠦᠭᠡᠬᠢ ᠤᠯᠤᠰ ᠲᠥᠷᠥ ᠶ᠋ᠢᠨ ᠲᠣᠪᠴᠢᠶ᠎ᠠ ᠲᠣᠯᠲᠣ ᠰᠤᠳᠤᠷ《ᠽᠢ ᡁᠢ ᠲᠦᠩ ᠵᠢᠶᠠᠨ ᠭᠠᠩ ᠮᠦ᠍ 》ᠪᠢᠴᠢᠭ ᠦ᠋ᠨ ᠠᠷᠪᠠᠨ ᠨᠠᠢ᠍ᠮᠠᠳᠤᠭᠠᠷ ᠲᠣᠭᠳᠣᠢ ᠶ᠋ᠢᠨ ᠬᠣᠶᠠᠳᠤᠭᠠᠷ ᠳᠡᠪᠲᠡᠷ ᠦ᠋ᠨ ᠲᠠᠪᠢᠨ ᠵᠢᠷᠭᠤᠳᠤᠭᠠᠷ ᠬᠠᠭᠤᠳᠠᠰᠤᠨ ᠤ᠋ ᠠᠷᠤ ᠪᠡᠶ᠎ᠡ ᠳ᠋ᠦ᠍ᠷ ᠶᠡᠬᠡ ᠮᠣᠩᠭᠣᠯ ᠤ᠋ᠨ ᠶᠤᠸᠠᠨ ᠤᠯᠤᠰ ᠤ᠋ᠨ ᠲᠠᠢᠽᠦ ᠶ᠋ᠢᠨ ᠣᠪᠣᠭ ᠢᠵᠠᠭᠤᠷ 《ᠴᠢ ᠡᠤ ᠸᠸᠨ 》᠂ ᠨᠡᠷ᠎ᠡ《ᠲᠢᠶᠧ ᠮᠦ᠍ ᠸᠸᠨ 》᠂ ᠣᠨ ᠤ᠋ ᠨᠡᠷ᠎ᠡ᠂ 《ᠴᠧᠩ ᠵᠢᠢ ᠰᠧ ᠺᠧ ᠬᠠᠨ 》ᠬᠡᠮᠡᠭᠰᠡᠨ ᠢᠨᠤ᠂ 《ᠴᠢ ᠡᠦ ᠸᠸᠨ 》ᠬᠡᠮᠡᠭᠴᠢ《ᠴᠡᠭᠡᠬᠡᠨ》ᠬᠡᠮᠡᠭᠰᠡᠨ ᠢ᠋ ᠲᠡᠢᠨ ᠬᠦ᠌ ᠪᠢᠴᠢᠵᠦᠬᠦᠢ᠃ ᠵᠢᠴᠢ ᠪᠠᠰᠠ ᠨᠢᠭᠡᠨ ᠵᠦᠢᠯ ᠢᠨᠥ᠂ ᠬᠡᠶᠡᠳ ᠶᠠᠰᠤᠲᠤ᠂ ᠴᠡᠭᠡᠬᠡᠨ ᠶᠠᠰᠤᠲᠤ ᠬᠣᠶᠠᠷ ᠥᠪᠡᠷ᠎ᠡ ᠶᠠᠰᠤ ᠢᠵᠠᠭᠤᠷ ᠢ᠋ ᠳᠤᠳᠤᠷᠬᠠᠶ᠎ᠠ ᠢᠯᠭᠠᠵᠤ᠂ ᠥᠭᠡᠯᠦᠨ ᠡᠬᠡ ᠲᠡᠢ ᠴᠢᠩ ᠲᠠᠢᠬᠡᠦ ᠵᠠᠷᠯᠢᠭ ᠪᠠᠭᠤᠯᠭᠠᠨ ᠲᠠᠰᠤᠷᠬᠠᠢ ᠲᠣᠭᠲᠠᠭᠠᠬᠤᠶ᠎ᠠ ᠠᠯᠢ ᠠᠯᠢᠨ ᠠ᠋ᠴᠠ ᠤᠷᠢᠳᠠ ᠬᠠᠰᠠᠷ ᠴᠢᠨ ᠸᠠᠩ᠂ ᠡᠬᠡ ᠲᠠᠢᠬᠡᠦ ᠶ᠋ᠢᠨ ᠡᠨᠡᠷᠢᠯ ᠭᠦᠨ ᠢ᠋ ᠡᠷᠲᠡᠰᠡ ᠮᠡᠳᠡᠵᠦ᠂ ᠬᠠᠮᠤᠭ ᠤ᠋ᠨ ᠤᠷᠢᠳᠠ ᠪᠡᠶᠡᠰᠦᠨ ᠪᠢᠰᠢᠷᠡᠵᠦ᠂  ᠪᠡᠯᠡᠭᠯᠡᠨ ᠮᠥᠷᠭᠥᠭᠰᠡᠨ ᠢ᠋ᠶ᠋ᠡᠷ ᠡᠳᠦᠭᠡ ᠬᠢᠷᠢ ᠳ᠋ᠦ᠍ᠷ ᠬᠠᠰᠠᠷ ᠬᠠᠨ ᠤ᠋ ᠦᠷᠡᠰ ᠨᠣᠶᠠᠳ᠂ ᠨᠥᠭᠦᠭᠡ ᠭᠤᠷᠪᠠᠨ ᠳᠡᠭᠦᠦ ᠸᠠᠩ ᠤ᠋ᠳ ᠠ᠋ᠴᠠ ᠮᠠᠰᠢᠳᠠ ᠢᠯᠡᠭᠦᠦ ᠦᠷᠡᠵᠢᠨ ᠳᠡᠯᠭᠡᠷᠡᠵᠦ᠂ ᠵᠡᠭᠦᠨ ᠬᠣᠷᠴᠢᠨ ᠤ᠋ ᠨᠤᠨ ᠠᠷᠪᠠᠨ ᠬᠣᠰᠢᠭᠤ᠂ ᠪᠠᠷᠠᠭᠤᠨ ᠠᠯᠠᠱᠠᠨ ᠤ᠋ ᠬᠥᠬᠡ ᠨᠠᠭᠤᠷ ᠤ᠋ᠨ ᠬᠣᠰᠢᠭᠤᠲᠤ ᠶ᠋ᠢᠨ ᠠᠷᠪᠠᠨ ᠨᠠᠢ᠍ᠮᠠᠨ ᠬᠣᠰᠢᠭᠤ ᠪᠠ ᠪᠠᠰᠠ ᠵᠠᠯᠠᠢᠳ᠂ ᠳᠥᠷᠪᠡᠳ᠂ ᠭᠤᠷᠪᠠᠨ ᠭᠣᠷᠯᠣᠰ᠂ ᠠᠷᠤ ᠬᠣᠷᠴᠢᠨ᠂ ᠳᠥᠷᠪᠡᠨ ᠬᠥᠪᠡᠭᠦᠳ᠂ ᠮᠤᠤᠮᠢᠩᠭᠠᠨ ᠭᠤᠷᠪᠠᠨ ᠤᠷᠠᠳ᠂ ᠨᠡᠢᠲᠡ ᠮᠤᠬᠤᠷ ᠳᠥᠴᠢᠨ ᠬᠣᠰᠢᠭᠤ ᠪᠣᠯᠤᠭᠰᠠᠨ ᠠᠨᠤ ᠲᠡᠷᠡ ᠬᠦ᠌ ᠪᠡᠯᠡᠭᠯᠡᠭᠰᠡᠨ ᠪᠡᠯᠡᠭ ᠦ᠋ᠨ ᠠᠶᠠᠪᠠᠷ ᠪᠣᠯᠵᠤ᠂ ᠴᠡᠭᠡᠬᠡᠨ ᠶᠠᠰᠤᠲᠤ ᠪᠣᠷᠵᠢᠭᠢᠳ ᠢᠵᠠᠭᠤᠷ ᠤ᠋ᠨ ᠪᠣᠭᠳᠠ ᠶ᠋ᠢᠨ ᠦᠨᠳᠦᠰᠦᠨ ᠦ᠌ ᠭᠡᠷᠡᠯ ᠬᠠᠯᠳᠠᠪᠤᠷᠢ ᠳ᠋ᠤᠷ ᠰᠢᠲᠦᠭᠳᠡᠨ ᠲᠦᠰᠢᠵᠦ᠂ ᠴᠢᠨ ᠸᠠᠩ᠂ ᠵᠢᠶᠦ᠋ᠨ ᠸᠠᠩ᠂ ᠪᠡᠢᠯᠡ᠂ ᠪᠡᠢᠰᠡ᠂ ᠲᠥᠰᠢᠶ᠎ᠡ ᠬᠦᠩ᠂ ᠲᠤᠰᠠᠯᠠᠭᠴᠢ ᠬᠦᠩ᠂ ᠲᠡᠷᠢᠭᠦᠨ ᠳᠡᠳ᠋ ᠭᠤᠲᠠᠭᠠᠷ ᠵᠡᠷᠭᠡ ᠶ᠋ᠢᠨ ᠲᠠᠢᠵᠢ ᠨᠠᠷ ᠨᠣᠶᠠᠳ ᠤ᠋ᠨ ᠣᠯᠠᠨ ᠠᠨᠤ᠂ ᠪᠤᠰᠤᠳ ᠠ᠋ᠴᠠᠭᠠᠨ ᠮᠠᠰᠢᠳᠠ ᠦᠯᠡᠮᠵᠢ ᠢᠨᠦ ᠡᠬᠢᠨ ᠦ᠌ ᠦᠶ᠎ᠡ ᠡᠴᠡ ᠡᠷᠬᠢᠯᠡᠨ ᠮᠡᠳᠡᠵᠦ᠂ ᠪᠡᠯᠭᠡ ᠲᠡᠮᠳᠡᠭ ᠢ᠋ ᠤᠬᠠᠭᠰᠠᠨ ᠠ᠋ᠴᠠ ᠪᠣᠯᠪᠠ ᠬᠡᠮᠡᠬᠦ ᠪᠤᠶᠤ᠃ ᠡᠬᠡ ᠥᠭᠡᠯᠦᠨ ᠲᠡᠢ ᠴᠢᠩ ᠲᠠᠢᠬᠡᠦ ᠶ᠋ᠢᠨ ᠬᠡᠶᠡᠳ ᠶᠠᠰᠤᠲᠤ ᠪᠣᠷᠵᠢᠭᠢᠳ ᠤ᠋ᠨ ᠬᠥᠪᠭᠦᠳ ᠢ᠋ᠶ᠋ᠡᠨ ᠭᠦᠨ ᠬᠣᠯᠠᠳᠠ ᠡᠨᠡᠷᠢᠨ ᠥᠷᠥᠰᠢᠶᠡᠨ ᠨᠢᠭᠦᠯᠡᠰᠬᠦᠢᠭᠰᠡᠨ ᠢ᠋ ᠲᠡᠷᠡ ᠲᠤᠬᠠᠢ ᠳ᠋ᠠᠭᠠᠨ ᠬᠡᠨ ᠴᠦ᠍ ᠪᠡᠷ ᠲᠠᠢᠯᠤᠨ ᠤᠬᠠᠭᠰᠠᠨ ᠦᠭᠡᠢ ᠪᠡᠷ ᠭᠠᠭᠴᠠ᠂ ᠴᠡᠭᠡᠬᠡᠨ ᠪᠣᠷᠵᠢᠭᠢᠳ ᠤ᠋ᠨ ᠰᠢᠨ᠎ᠡ ᠲᠡᠭᠷᠢ ᠶ᠋ᠢᠨ ᠢᠵᠠᠭᠤᠷ ᠢ᠋ ᠭᠠᠢᠬᠠᠭᠤᠯᠪᠠ ᠭᠡᠮᠡᠨ ᠰᠠᠨᠠᠭᠰᠠᠨ ᠪᠣᠢ ᠊ᠶ᠎ᠠ᠃ ᠰᠢᠨ᠎ᠡ ᠴᠡᠭᠡᠬᠡᠨ ᠲᠡᠭᠷᠢ ᠶ᠋ᠢᠨ ᠢᠵᠠᠭᠤᠷ ᠤ᠋ᠨ ᠭᠡᠷᠡᠯ ᠲᠡᠳᠬᠦᠮᠵᠢ ᠳ᠋ᠦ᠍ᠷ ᠥᠨᠢ ᠤᠳᠠᠲᠠᠯ᠎ᠠ ᠬᠦᠷᠲᠡᠨ ᠰᠢᠲᠦᠭᠳᠡᠬᠦ ᠬᠣᠯᠠ ᠤᠷᠲᠤᠳᠠ ᠮᠠᠨᠳᠤᠨ ᠳᠡᠯᠭᠡᠷᠡᠬᠦ᠂ ᠭᠦᠨ ᠡᠨᠡᠷᠢᠯ ᠢ᠋ ᠡᠰᠡ ᠮᠡᠳᠡᠭᠰᠡᠨ ᠢ᠋ ᠬᠠᠰᠠᠷ ᠬᠠᠨ ᠢ᠋ᠶ᠋ᠠᠷ ᠤᠷᠢᠳᠠ ᠮᠡᠳᠡᠵᠦ ᠴᠢᠳᠠᠪᠠ ᠭᠡᠮᠡᠨ ᠬᠠᠭᠤᠴᠢᠨ 《ᠬᠥᠬᠡ ᠰᠣᠲᠣᠷ᠎ᠠ 》ᠶᠡᠬᠡ ᠠᠴᠢᠯᠠᠯᠲᠠᠨ ᠭᠡᠮᠡᠨ ᠮᠠᠭᠲᠠᠵᠤᠬᠤᠢ᠃ 
       ᠠᠪᠤᠨ ᠦᠵᠡᠬᠦᠶ᠎ᠡ ᠲᠠᠢᠽᠦ ᠬᠠᠭᠠᠨ ᠢ᠋ ᠡᠷᠭᠦᠯᠬᠢᠯᠡᠭᠰᠡᠨ ᠮᠡᠲᠦ ᠪᠣᠯᠪᠠᠴᠤ ᠪᠠᠷ ᠠᠯᠤᠰ ᠴᠠᠭᠠᠨ᠎ᠠ ᠠᠨᠤ ᠳᠥᠷᠪᠡᠨ ᠳᠡᠭᠦᠨᠡᠷ ᠢ ᠲᠡᠳᠬᠦᠮᠵᠢᠯᠡᠭᠰᠡᠨ ᠢᠨᠦ ᠪᠤᠶᠤ᠃ ᠬᠡᠶᠡᠳ ᠶᠠᠰᠤᠲᠤ ᠪᠣᠷᠵᠢᠭᠢᠳ ᠠᠷᠪᠠᠨ ᠦᠶ᠎ᠡ ᠭᠠᠷᠴᠤᠬᠤᠢ᠂ ᠴᠡᠭᠡᠬᠡᠨ ᠶᠠᠰᠤᠲᠤ ᠲᠠᠢᠽᠦ ᠶ᠋ᠢᠨ ᠪᠡᠶ᠎ᠡ ᠪᠠᠢᠭᠰᠠᠭᠠᠷ ᠲᠤᠯᠠ ᠲᠠᠪᠤᠨ ᠦᠶ᠎ᠡ ᠶ᠋ᠢᠨ ᠬᠣᠢᠰᠢ ᠬᠠᠷᠢᠯᠴᠠᠨ ᠤᠷᠤᠭ ᠪᠠᠷᠢᠪᠠᠰᠤ ᠬᠣᠯᠠ ᠰᠤᠨᠤᠭᠰᠠᠨ ᠢᠵᠠᠭᠤᠷ ᠣᠢᠷᠠᠬᠠᠨ ᠪᠠᠢᠭᠰᠠᠭᠠᠷ ᠢᠵᠠᠭᠤᠷ ᠤ᠋ᠨ ᠬᠦᠴᠦᠨ ᠴᠢᠨᠠᠷ ᠢ᠋ ᠵᠢᠭᠡᠯᠡᠬᠦ ᠪᠣᠢ ᠊ᠶ᠎ᠠ᠃ ᠬᠦᠴᠦᠲᠡᠢ ᠢᠵᠠᠭᠤᠷ᠂ ᠬᠦᠴᠦᠨ ᠦᠭᠡᠢ ᠢᠵᠠᠭᠤᠷ ᠤ᠋ᠨ ᠶᠠᠮᠪᠠᠷ ᠢᠯᠡᠭᠦᠦ ᠶ᠋ᠢ ᠵᠢᠭᠡᠯᠡᠬᠦ ᠠᠵᠠᠢ ? ᠵᠦᠭᠡᠷ ᠲᠡᠭᠦᠨ ᠳ᠋ᠦ᠍ᠷ ᠲᠦᠰᠢᠵᠦ᠂ ᠥᠪᠡᠷᠦᠨ ᠬᠣᠪᠢᠨ ᠤ᠋ ᠠᠷᠢᠭᠤᠨ ᠤᠪᠠᠳᠢᠰ ᠴᠢᠨᠠᠷ ᠡᠰᠡ ᠰᠠᠷᠨᠢᠨ ᠰᠦᠢᠳᠪᠡᠰᠦ ᠳᠠᠷᠤᠢ ᠣᠯᠤᠭᠰᠠᠨ ᠠᠨᠤ ᠪᠣᠯᠠᠢ᠃ ᠬᠣᠶᠠᠷ ᠢᠵᠠᠭᠤᠷ ᠤ᠋ᠨ ᠦᠨᠡᠨ ᠰᠢᠮ᠎ᠡ ᠶᠠᠰᠤᠲᠠᠨ ᠡᠨᠡ ᠳᠩᠵᠢᠯ ᠬᠥᠮᠦᠵᠢᠯ ᠢ᠋ ᠬᠢᠨᠠᠨ ᠰᠠᠨᠠᠮᠵᠢᠯᠠᠪᠠᠰᠤ ᠰᠠᠶᠢ ᠵᠣᠬᠢᠮᠤᠢ᠃ 
       ᠬᠠᠭᠤᠴᠢᠨ《ᠬᠥᠬᠡ ᠰᠣᠲᠣᠷ᠎ᠠ 》 ᠲᠠᠢᠽᠦ ᠡᠴᠡ ᠳᠡᠭᠡᠭᠰᠢ ᠠᠷᠪᠠᠨ ᠭᠤᠷᠪᠠᠨ ᠦᠶ᠎ᠡ ᠶ᠋ᠢᠨ ᠪᠤᠲᠠᠨᠴᠢᠷ ᠪᠣᠭᠳᠠ ᠶ᠋ᠢ ᠵᠠᠯᠠᠭᠤ ᠵᠥᠭᠡᠯᠡᠨ ᠲᠡᠭᠷᠢ ᠶ᠋ᠢᠨ ᠦᠷ᠎ᠡ ᠬᠡᠮᠡᠬᠦ᠂ ᠪᠣᠭᠳᠠ ᠴᠢᠩᠭᠢᠰ ᠢ᠋ ᠪᠠᠳᠠᠷᠠᠩᠭᠤᠢ ᠴᠠᠭᠠᠨ ᠲᠡᠭᠷᠢ ᠶ᠋ᠢᠨ ᠬᠥᠪᠡᠭᠦᠨ ᠭᠡᠮᠡᠨ ᠢᠯᠭᠠᠵᠤᠬᠤᠢ᠃ ᠬᠡᠶᠡᠳ ᠬᠡᠮᠡᠭᠴᠢ ᠬᠥᠨᠳᠡᠢ ᠬᠣᠭᠣᠰᠣᠨ ᠠᠭᠠᠷ ᠣᠭᠲᠠᠷᠭᠤᠢ ᠠ᠋ᠴᠠ ᠬᠤᠪᠢᠯᠭᠠᠨ ᠴᠢᠨᠠᠷ ᠠ᠋ᠴᠠ ᠣᠯᠪᠠ ᠬᠡᠮᠡᠬᠦ ᠰᠠᠨᠠᠭᠠᠨ ᠪᠣᠯᠠᠢ᠃ ᠴᠡᠭᠡᠬᠡᠨ ᠬᠡᠮᠡᠭᠴᠢ ᠰᠢᠭᠤᠳ ᠴᠠᠭᠠᠨ ᠥᠩᠭᠡᠲᠦ ᠭᠡᠭᠡᠬᠡᠨ ᠭᠡᠷᠡᠯ ᠲᠤᠶᠠᠭ᠎ᠠ ᠠ᠋ᠴᠠ ᠪᠦᠲᠦᠪᠡ ᠬᠡᠮᠡᠭᠰᠡᠨ ᠰᠠᠨᠠᠭᠠᠨ ᠪᠣᠯᠠᠢ᠃ ᠪᠤᠲᠠᠨᠴᠢᠷ ᠪᠣᠭᠳᠠ᠂ ᠴᠢᠩᠭᠢᠰ ᠪᠣᠭᠳᠠ᠂ ᠬᠣᠶᠠᠷ ᠢᠵᠠᠭᠤᠷ᠂ ᠦᠰᠦᠳ ᠬᠣᠯᠠ ᠬᠣᠶᠠᠷ ᠥᠪᠡᠷ᠎ᠡ ᠶᠠᠰᠤ ᠰᠢᠮ᠎ᠡ᠂ ᠬᠣᠶᠠᠷ ᠥᠪᠡᠷ᠎ᠡ ᠣᠪᠣᠭ ᠢᠵᠠᠭᠤᠷ ᠠᠨᠤ ᠣᠭᠲᠣᠬᠠᠨ ᠴᠤ᠌ ᠰᠡᠵᠢᠭ ᠦᠭᠡᠢ ᠬᠡᠷᠡᠭ ᠪᠣᠯᠠᠢ᠃ ᠲᠡᠢᠨ ᠬᠦ᠌《ᠬᠥᠬᠡ ᠰᠤᠳᠤᠷ 》 ᠲᠤᠷ ᠬᠡᠶᠡᠳ ᠶᠠᠰᠤᠲᠤ ᠪᠣᠷᠵᠢᠭᠢᠳ᠂ ᠪᠤᠲᠠᠨᠴᠢᠷ ᠪᠣᠭᠳᠠ ᠶ᠋ᠢᠨ ᠦᠷᠡᠰ᠂ ᠪᠸᠲ᠋ᠠ᠋ ᠤᠯᠤᠰ ᠨᠢᠭᠡᠨ ᠪᠠᠭᠠᠬᠠᠨ ᠠᠢᠮᠠᠭ ᠠ᠋ᠴᠠ ᠭᠠᠷᠤᠭᠰᠠᠨ ᠦᠭᠡᠢ ᠲᠤᠯᠠ ᠬᠤᠳᠳᠤᠭ ᠤ᠋ᠨ ᠤᠰᠤ ᠬᠡᠮᠡᠵᠦᠬᠦᠢ᠃ ᠴᠡᠭᠡᠬᠡᠨ ᠶᠠᠰᠤᠲᠤ ᠪᠣᠷᠵᠢᠭᠢᠳ ᠴᠢᠩᠭᠢᠰ ᠪᠣᠭᠳᠠ ᠶ᠋ᠢᠨ ᠦᠷᠡᠰ᠂ ᠳᠥᠷᠪᠡᠨ ᠳᠠᠯᠠᠢ ᠶ᠋ᠢ ᠪᠦᠷᠢᠨ᠎ᠡ ᠡᠵᠡᠯᠡᠭᠰᠡᠨ ᠢ᠋ᠶ᠋ᠡᠷ ᠳᠠᠯᠠᠢ ᠶ᠋ᠢᠨ ᠤᠰᠤ ᠬᠡᠮᠡᠵᠦᠬᠦᠢ᠃ ᠤᠰᠤ ᠠᠨᠤ ᠨᠢᠭᠡᠨ ᠠᠳᠠᠯᠢ ᠠᠷᠢᠭᠤᠨ ᠤᠰᠤ ᠪᠣᠯᠪᠠᠴᠤ᠂ ᠤᠰᠤᠨ ᠤ᠋ ᠶᠡᠬᠡ ᠪᠠᠭ᠎ᠠ ᠶ᠋ᠢ ᠦᠯᠢᠳᠬᠡᠨ ᠥᠭᠦᠯᠡᠭᠰᠡᠨ ᠢᠨᠦ ᠪᠣᠢ ᠊ᠶ᠎ᠠ᠃ ᠬᠤᠳᠳᠤᠭ ᠤ᠋ᠨ ᠤᠰᠤ ᠮᠠᠭᠤ᠂ ᠳᠠᠯᠠᠢ ᠶ᠋ᠢᠨ ᠤᠰᠤ ᠰᠠᠢᠨ ᠬᠡᠮᠡᠭᠰᠡᠨ ᠳᠣᠷᠣᠮᠵᠢᠯᠠᠭᠰᠠᠨ ᠦᠭᠡᠰ ᠪᠤᠰᠤ ᠶ᠋ᠢ ᠳᠤᠳᠤᠷᠬᠠᠶ᠎ᠠ ᠤᠬᠠᠭᠳᠠᠬᠤᠢ᠃ ᠶᠡᠬᠡ ᠪᠠᠭ᠎ᠠ ᠣᠯᠠᠨ ᠴᠥᠭᠡᠨ ᠦ᠌ ᠦᠯᠢᠳᠬᠡᠯ ᠪᠣᠢ ᠊ᠶ᠎ᠠ᠃ ᠡᠭᠡᠨᠡᠭᠲᠡ ᠬᠤᠳᠳᠤᠭ ᠤ᠋ᠨ ᠤᠰᠤ᠂ ᠭᠡᠷ ᠪᠦᠷᠢ ᠬᠥᠮᠦᠨ ᠪᠦᠬᠦᠨ᠎ᠡ ᠴᠥᠮ ᠪᠠᠢᠬᠤ ᠡᠩ ᠥᠲᠡᠯ᠎ᠡ ᠠᠷᠠᠳ ᠢᠷᠭᠡᠳ ᠲᠣᠷ ᠠᠳᠠᠯᠢ ᠰᠢᠭ᠋ ᠭᠡᠮᠡᠨ ᠳᠠᠭᠠᠷᠢᠨ ᠳᠣᠷᠣᠮᠵᠢᠯᠠᠭᠰᠠᠨ ᠰᠠᠨᠠᠭᠠᠨ ᠪᠤᠰᠤ ᠶ᠋ᠢ ᠳᠠᠮ ᠥᠭᠡᠶ᠎ᠡ ᠲᠣᠳᠣᠷᠬᠠᠶ᠎ᠠ ᠮᠡᠳᠡᠭᠳᠡᠬᠦᠢ᠃ ᠲᠡᠢᠨ ᠬᠦ᠌ ᠪᠤᠲᠠᠨᠴᠢᠷ ᠪᠣᠭᠳᠠ ᠶ᠋ᠢᠨ ᠡᠬᠡ᠂ ᠠᠷᠯᠤᠨ ᠭᠤᠸ᠎ᠠ ᠬᠠᠲᠤᠨ ᠤ᠋ ᠵᠠᠷᠯᠢᠭ ᠪᠣᠯᠤᠭᠰᠠᠨ ᠠᠨᠤ᠄ 
      《ᠪᠤᠲᠠᠨᠴᠢᠷ ᠬᠡᠳᠦᠢ ᠵᠥᠨᠥᠭ ᠮᠡᠲᠦ ᠪᠣᠯᠪᠠᠴᠤ᠂ ᠳᠡᠭᠦᠨᠦ ᠦᠷᠡᠰ ᠤᠯᠠᠮ ᠬᠣᠢᠨ᠎ᠠ ᠤᠯᠠᠮ ᠥᠭᠡᠳᠡᠯᠡᠰᠢ ᠦᠷ᠎ᠡ ᠲᠥᠷᠥᠬᠦ ᠭᠡᠮᠡᠨ ᠵᠠᠯᠠᠭᠤ ᠵᠥᠭᠡᠯᠡᠨ ᠲᠡᠭᠷᠢ ᠶ᠋ᠢᠨ ᠥᠴᠢᠭᠰᠡᠨ ᠢᠨᠦ ᠮᠥᠨ ᠡᠨᠡ ᠤᠳᠤᠮ ᠤ᠋ᠨ ᠠᠷᠪᠠᠨ ᠦᠶ᠎ᠡ ᠶ᠋ᠢᠨ ᠬᠣᠵᠢᠮ ᠮᠢᠨᠦ ᠬᠠᠭᠠᠨ ᠬᠤᠷᠮᠤᠰᠲᠠ ᠲᠡᠭᠷᠢ ᠡᠴᠢᠭᠡ ᠮᠥᠨ ᠪᠠᠭᠤᠵᠤ ᠢᠯᠡᠷᠡᠬᠦ ᠴᠠᠭ ᠪᠣᠢ᠃ ᠲᠡᠷᠡ ᠢᠨᠤ᠂ ᠨᠠᠳᠤᠷ ᠦᠯᠢᠳᠬᠡᠪᠡᠰᠦ᠂ ᠳᠠᠯᠠᠢ ᠳᠡᠯᠡᠬᠡᠢ ᠡᠴᠡ ᠠᠭᠯᠠᠭ ᠥᠨᠳᠥᠷ ᠶᠡᠬᠡ ᠪᠣᠯᠠᠢ 》ᠬᠡᠮᠡᠭᠰᠡᠨ ᠢ᠋ᠶ᠋ᠡᠷ ᠡᠰᠢ ᠪᠣᠯᠭᠠᠨ ᠠᠷᠪᠠᠨ ᠦᠶ᠎ᠡ ᠡᠴᠡ ᠤᠷᠢᠳᠠ ᠲᠦᠰᠢᠮᠡᠯ ᠲᠡᠭᠷᠢ ᠢᠨᠤ ᠢᠷᠡᠵᠦ ᠵᠠᠮ ᠢ᠋ ᠵᠠᠰᠠᠵᠤ ᠣᠷᠣᠨ ᠢ᠋ ᠪᠡᠯᠡᠳᠬᠡᠭᠡᠳ᠂ ᠠᠷᠪᠠᠨ ᠬᠣᠶᠠᠳᠤᠭᠠᠷ ᠦᠶ᠎ᠡ ᠳᠡᠭᠡᠷ᠎ᠡ ᠪᠠᠳᠠᠷᠠᠩᠭᠤᠢ ᠴᠠᠭᠠᠨ ᠶᠡᠬᠡ ᠬᠠᠭᠠᠨ ᠰᠦᠯᠳᠡ ᠲᠡᠭᠷᠢ ᠣᠷᠴᠢᠯᠠᠩ ᠳ᠋ᠤᠷ ᠪᠠᠭᠤᠨ ᠢᠯᠡᠷᠡᠪᠡ ᠬᠡᠮᠡᠵᠦᠬᠦᠢ᠃ ᠲᠡᠳᠦᠢ ᠰᠠᠶᠢ ᠤᠯᠠᠮ ᠬᠣᠢᠨ᠎ᠠ ᠤᠯᠠᠮ ᠥᠭᠡᠳᠡᠯᠡᠰᠢ ᠦᠷᠡᠰ ᠠᠴᠢ ᠳᠡᠯᠭᠡᠷᠡᠬᠦ ᠬᠡᠮᠡᠭᠰᠡᠨ ᠢ᠋ᠶ᠋ᠡᠷ ᠳᠥᠷᠪᠡᠨ ᠳᠠᠯᠠᠢ ᠶ᠋ᠢ ᠨᠢᠭᠡᠨ᠎ᠡ ᠨᠡᠢᠭᠡᠮᠯᠡᠭᠰᠡᠨ ᠰᠤᠤᠲᠤ ᠪᠣᠭᠳᠠ ᠱᠧᠩ ᠡᠤ ᠬᠤᠸᠠᠩᠳᠢ ᠴᠢᠩᠭᠢᠰ ᠬᠠᠭᠠᠨ ᠢ᠋ ᠮᠡᠨᠳᠦᠯᠡᠪᠡᠢ ᠬᠡᠮᠡᠵᠦᠬᠦᠢ᠃ ᠡᠳᠡᠭᠡᠷ ᠰᠢᠭᠦᠮᠵᠢᠯᠡᠯ ᠪᠣᠢ ᠶ᠋ᠢᠨ ᠣᠴᠢᠷ᠎ᠠ《ᠬᠥᠬᠡ ᠰᠣᠲᠣᠷ᠎ᠠ 》ᠤᠷᠢᠳ ᠬᠣᠵᠢᠳ ᠬᠣᠶᠠᠷ ᠢᠵᠠᠭᠤᠷ ᠢ᠋ - ᠤᠷᠢᠳᠠ ᠶ᠋ᠢ ᠬᠤᠳᠳᠤᠭ ᠤ᠋ᠨ ᠤᠰᠤ ᠬᠡᠮᠡᠭᠡᠳ ᠬᠣᠵᠢᠮ ᠤ᠋ᠨ ᠬᠢ ᠶ᠋ᠢ ᠳᠠᠯᠠᠢ ᠶ᠋ᠢᠨ ᠤᠰᠤ ᠭᠡᠮᠡᠨ ᠢᠯᠭᠠᠵᠤ ᠰᠠᠶᠢ ᠤᠷᠤᠭ ᠪᠠᠷᠢᠭᠤᠯᠪᠠᠢ᠃ 
       ᠲᠡᠢᠨ ᠬᠦ᠌ ᠡᠳᠦᠭᠡᠬᠢ ᠴᠡᠭᠡᠬᠡᠨ ᠶᠠᠰᠤᠲᠤ ᠪᠣᠷᠵᠢᠭᠢᠳ ᠪᠣᠭᠳᠠ ᠴᠢᠩᠭᠢᠰ ᠦ᠋ᠨ ᠦᠷᠡᠰ ᠢ᠋ᠶ᠋ᠡᠷ ᠦᠶ᠎ᠡ ᠲᠣᠭᠠᠯᠠᠪᠠᠰᠤ᠂ ᠪᠣᠭᠳᠠ ᠴᠢᠩᠭᠢᠰ ᠡᠴᠡ ᠳᠡᠭᠡᠭᠰᠢ᠂ ᠪᠠᠳᠠᠷᠠᠩᠭᠤᠢ ᠴᠠᠭᠠᠨ ᠰᠦᠯᠳᠡ ᠲᠡᠭᠷᠢ ᠳ᠋ᠦ᠍ᠷ ᠬᠦᠷᠪᠡᠰᠦ᠂ ᠣᠭᠲᠠᠷᠭᠤᠢ ᠶ᠋ᠢᠨ ᠲᠡᠭᠷᠢ ᠶ᠋ᠢᠨ ᠢᠵᠠᠭᠤᠷ᠎ᠠ ᠣᠷᠣᠵᠤ ᠳᠠᠷᠤᠢ ᠵᠣᠭᠰᠣᠮᠤᠢ᠃ ᠬᠡᠷᠪᠡ ᠬᠡᠶᠡᠳ ᠶᠠᠰᠤᠲᠤ ᠪᠣᠷᠵᠢᠭᠢᠳ᠂ ᠪᠤᠲᠠᠨᠴᠢᠷ ᠪᠣᠭᠳᠠ ᠶ᠋ᠢᠨ ᠦᠷᠡᠰ ᠢ᠋ᠶ᠋ᠡᠷ ᠬᠠᠰᠠᠷ᠂ ᠪᠡᠯᠭᠦᠳᠡᠢ᠂ ᠸᠴᠢᠷ᠂ ᠭᠠᠴᠤᠭ ᠤ᠋ᠨ ᠦᠷᠡᠰ ᠪᠥᠭᠡᠰᠦ᠂ ᠦᠶ᠎ᠡ ᠲᠣᠭᠠᠯᠠᠪᠠᠰᠤ ᠡᠷᠬᠡᠪᠰᠢ ᠯᠢᠶᠧ ᠽᠦ᠍ ᠶᠢᠰᠦᠭᠡᠢ ᠪᠠᠭᠠᠲᠤᠷ ᠠ᠋ᠴᠠ ᠡᠬᠢᠯᠡᠨ ᠳᠡᠭᠡᠭᠰᠢ ᠥᠭᠡᠳᠡᠯᠡᠨ ᠲᠣᠭᠠᠯᠠᠭᠰᠠᠭᠠᠷ ᠠᠷᠪᠠᠨ ᠨᠢᠭᠡᠨ ᠦᠶ᠎ᠡ - ᠪᠤᠲᠠᠨᠴᠢᠷ ᠪᠣᠭᠳᠠ ᠬᠦᠷᠲᠡᠯ᠎ᠡ ᠲᠣᠭᠠᠯᠠᠬᠤ ᠬᠡᠷᠡᠭᠲᠡᠢ ᠢᠨᠦ ᠡᠢᠮᠦ ᠤᠴᠢᠷ ᠪᠣᠯᠠᠢ᠃ ᠲᠠᠢᠽᠦ ᠴᠢᠩᠭᠢᠰ ᠬᠠᠭᠠᠨ ᠬᠡᠳᠦᠢᠪᠡᠷ ᠬᠡᠶᠡᠳ ᠶᠠᠰᠤᠲᠤ᠂ ᠶᠢᠰᠦᠭᠡᠢ ᠪᠠᠭᠠᠲᠤᠷ ᠤ᠋ᠨ ᠪᠸᠲ᠋ᠠ᠋ ᠎ᠡᠤᠯᠤᠰ ᠤ᠋ᠨ ᠡᠵᠡᠨ ᠦ᠌ ᠬᠥᠪᠡᠭᠦᠨ ᠬᠡᠮᠡᠪᠡᠴᠦ᠂ ᠰᠢᠮ᠎ᠡ ᠢᠵᠠᠭᠤᠷ ᠠᠨᠤ ᠪᠠᠳᠠᠷᠠᠩᠭᠤᠢ ᠴᠠᠭᠠᠨ ᠰᠦᠯᠳᠡ ᠲᠡᠭᠷᠢ ᠶ᠋ᠢᠨ ᠬᠥᠪᠡᠭᠦᠨ ᠲᠤᠯᠠ ᠂ ᠦᠶ᠎ᠡ ᠲᠣᠭᠠᠯᠠᠬᠤᠢ ᠳ᠋ᠤᠷ ᠰᠦᠯᠳᠡ ᠲᠡᠭᠷᠢ ᠬᠦᠷᠪᠡᠰᠦ ᠵᠣᠭᠰᠣᠬᠤ ᠪᠣᠯᠠᠢ᠃
       ᠬᠠᠭᠤᠴᠢᠨ ᠰᠢᠨ᠎ᠡ ᠳᠣᠲᠣᠭᠠᠳᠤ ᠭᠠᠳᠠᠭᠠᠳᠤ ᠲᠠᠪᠤᠨ ᠳᠡᠰ ᠦ᠋ᠨ ᠸᠠᠩ ᠰᠠᠢᠳ ᠤ᠋ᠳ ᠲᠡᠷᠢᠭᠦᠯᠡᠨ᠂ ᠳᠣᠷᠣᠭᠰᠢ ᠭᠠᠳᠠᠭᠠᠳᠤ ᠵᠠᠮ ᠤ᠋ᠨ ᠰᠢᠨ᠎ᠡ ᠳᠠᠭᠠᠭᠰᠠᠨ ᠳᠥᠷᠪᠡᠨ ᠵᠡᠷᠭᠡ ᠶ᠋ᠢᠨ ᠲᠦᠰᠢᠮᠡᠯ ᠲᠦᠰᠢᠶ᠎ᠡ ᠶ᠋ᠢᠨ ᠬᠢᠷᠢ ᠳ᠋ᠦ᠍ᠷ ᠬᠦᠷᠲᠡᠯ᠎ᠡ᠂ ᠨᠡᠷ᠎ᠡ ᠢᠯᠡᠷᠡᠭᠰᠡᠨ ᠦ᠌ ᠨᠡᠢᠲᠡ ᠨᠡᠷ᠎ᠡ ᠶ᠋ᠢᠨ ᠲᠣᠭ᠎ᠠ ᠶ᠋ᠢ ᠵᠢᠭᠰᠠᠭᠠᠨ ᠵᠡᠷᠭᠡᠯᠡᠭᠦᠯᠦᠭᠰᠡᠨ ᠢᠨᠦ: ᠬᠠᠭᠠᠨ ᠤ᠋ ᠳᠡᠳ᠋ ᠳᠡᠭᠦᠦ ᠪᠦᠬᠦ ᠴᠢᠨ ᠸᠠᠩ ᠪᠡᠯᠭᠦᠳᠡᠢ ᠴᠧᠩᠰᠢᠶᠠᠩ᠂ ᠬᠠᠭᠠᠨ ᠤ᠋ ᠭᠤᠲᠠᠭᠠᠷ ᠳᠡᠭᠦᠦ ᠬᠠᠪᠤᠲᠤ ᠴᠢᠨ ᠸᠠᠩ ᠬᠠᠰᠠᠷ ᠴᠧᠩᠰᠢᠶᠠᠩ᠂ ᠬᠠᠭᠠᠨ ᠤ᠋ ᠳᠥᠲᠥᠭᠡᠷ ᠳᠡᠭᠦᠦ ᠣᠢᠲᠤ ᠵᠢᠶᠦ᠋ᠨ ᠸᠠᠩ ᠸᠴᠢᠷ ᠲᠠᠢᠰᠢ᠂ ᠬᠠᠭᠠᠨ ᠤ᠋ ᠲᠠᠪᠤᠳᠤᠭᠠᠷ ᠳᠡᠭᠦᠦ ᠤᠷᠠᠨ ᠵᠢᠶᠦ᠋ᠨ ᠸᠠᠩ ᠭᠠᠴᠤᠭ ᠲᠠᠢᠰᠢ᠃ ᠬᠠᠭᠠᠨ ᠤ᠋ ᠲᠠᠢᠽᠢ ᠵᠣ᠌ ᡂᠢ ᠴᠢᠨ ᠸᠠᠩ ᠵᠣᠴᠢ ᠠᠬᠠᠮᠠᠳ᠂ ᠬᠠᠭᠠᠨ ᠤ᠋ ᠲᠠᠢᠽᠢ ᠴᠠ ᠾᠧ ᠳᠢ ᠴᠢᠨ ᠸᠠᠩ ᠴᠠᠭᠠᠲᠠᠢ ᠳᠡᠳ᠋᠂ ᠬᠠᠭᠠᠨ ᠤ᠋ ᠲᠠᠢᠽᠢ ᠸᠧ ᠺᠦᠸ ‍ᠸ ᠳ᠋ᠠᠢ ᠴᠢᠨ ᠸᠠᠩ ᠥᠭᠡᠳᠡᠢ ᠭᠤᠲᠠᠭᠠᠷ᠂ ᠬᠠᠭᠠᠨ ᠤ᠋ ᠲᠠᠢᠽᠢ ᠲᠦᠸᠧ ᠯᠧᠢ ᠴᠢᠨ ᠸᠠᠩ ᠲᠣᠯᠢ ᠳᠥᠲᠥᠭᠡᠷ᠃ 

ᠰᠤᠳᠤᠷᠴᠢ ᠲᠦᠰᠢᠮᠡᠯ ᠦ᠋ᠨ ᠵᠦᠩ ᠰᠢᠨ ᠹᠦ ᠶ᠋ᠢᠨ ᠴᠠᠭᠠᠯᠠᠬᠤ ᠥᠷᠯᠥᠭᠡ ᠶ᠋ᠢᠨ ᠡᠩ ᠦ᠋ᠨ ᠵᠠᠩ ᠳᠦᠷᠢᠮ᠄  
          ᠬᠤᠲᠤᠭ ᠬᠡᠰᠢᠭ ᠪᠦᠷᠢᠳᠦᠭᠰᠡᠨ ᠰᠢᠨ᠎ᠡ ᠵᠢᠯ ᠦ᠋ᠨ ᠡᠬᠢᠨ ᠳ᠋ᠦ᠍ᠷ 
          ᠬᠤᠪᠢ ᠪᠤᠶᠠᠨ ᠲᠡᠭᠦᠰᠦᠭᠰᠡᠨ ᠬᠣᠷᠢᠶ᠎ᠠ ᠬᠦᠷᠢᠶᠡᠨ ᠦ᠌ ᠳᠣᠲᠣᠷ᠎ᠠ 
          ᠬᠤᠷᠴᠠ ᠲᠡᠭᠰᠢ ᠲᠥᠷᠥᠭᠰᠡᠨ ᠦᠷ᠎ᠡ ᠠᠴᠢ ᠨᠠᠷ ᠮᠥᠷᠭᠥᠷᠦᠨ  
          ᠬᠣᠯᠠ ᠣᠢᠷ᠎ᠠ ᠵᠢᠩᠰᠡᠲᠡᠨ ᠳᠠᠭᠠᠭᠰᠠᠳ ᠬᠣᠶᠠᠷ ᠵᠢᠭᠦᠷᠯᠡᠨ ᠵᠢᠭᠰᠠᠮᠤᠢ᠃  
          ᠬᠣᠣᠰ ᠲᠡᠭᠦᠰ ᠰᠠᠷᠬᠤᠳ ᠢ᠋ ᠬᠣᠶᠠᠷ ᠬᠣᠶᠠᠷ ᠢ᠋ᠶ᠋ᠠᠷ ᠡᠷᠭᠦᠷᠦᠨ 
          ᠬᠣᠢᠰᠢ ᠣᠷᠣᠭᠰᠢ ᠤᠬᠤᠷᠢᠬᠤ ᠳᠡᠪᠰᠢᠭᠦ ᠬᠡᠪ ᠬᠡᠪᠴᠢᠶᠡᠨ ᠳᠦᠷᠢᠮᠲᠡᠢ᠃  
          ᠬᠤᠷᠠᠭᠰᠠᠨ ᠣᠯᠠᠨ᠎ᠠ ᠬᠤᠷᠢᠮ ᠬᠠᠢᠷᠠᠯᠠᠬᠤ ᠬᠠᠭᠤᠴᠢᠨ ᠬᠠᠤᠯᠢ ᠳᠦᠷᠢᠮ 
          ᠬᠤᠷᠠᠯᠳᠤᠨ ᠴᠤᠭᠯᠠᠭᠰᠠᠨ ᠮᠠᠩᠨᠤᠭ ᠲᠠᠵᠢ ᠰᠢᠯ ᠪᠣᠯᠤᠷ᠎ᠠ ᠬᠢᠯᠠᠪᠠᠯᠵᠠᠮᠤᠢ᠃ 

ᠵᠠᠩᠵᠤᠨ ᠰᠠᠢᠳ ᠤ᠋ᠨ ᠤᠷᠤᠭ ᠲᠥᠷᠥᠯ ᠦ᠋ᠨ ᠢᠯᠭᠠᠯ ᠠᠨᠤ᠄ 
          ᠣᠯᠬᠤᠨᠤᠳ ᠤ᠋ᠨ ᠥᠷᠯᠥᠭ ᠨᠣᠶᠠᠨ᠂ ᠲᠠᠢᠬᠡᠦ ᠶ᠋ᠢᠨ ᠠᠬ᠎ᠠ 
          ᠣᠯᠬᠤᠨᠤᠳ ᠯᠢᠲᠠᠷ ᠰᠡᠴᠡᠨ᠂ ᠲᠠᠢᠬᠡᠦ ᠶ᠋ᠢᠨ ᠳᠡᠭᠦᠦ 
          ᠬᠣᠩᠭᠢᠷᠠᠳ ᠤ᠋ᠨ ᠳ᠋ᠠᠢ ᠰᠡᠴᠡᠨ᠂ ᠬᠤᠸᠠᠩᠬᠡᠦ ᠶ᠋ᠢᠨ ᠡᠴᠢᠭᠡ 
          ᠰᠦᠯᠳᠡᠰᠦᠨ ᠦ᠌ ᠰᠤᠷᠬᠠᠨ ᠰᠢᠷ᠎ᠠ᠂ ᠬᠦᠯᠦᠭ ᠴᠢᠯᠠᠭᠤᠨ ᠤ᠋ ᠡᠴᠢᠭᠡ 
          ᠣᠷᠢᠶᠠᠩᠬᠠᠨ ᠤ᠋ ᠵᠠᠷᠴᠢᠭᠤᠲᠠᠢ᠂ ᠵᠡᠯᠮ᠎ᠡ ᠶ᠋ᠢᠨ ᠡᠴᠢᠭᠡ  
          ᠵᠠᠯᠠᠢᠳ ᠤ᠋ᠨ ᠵᠢᠨᠦᠩ ᠮᠤᠬᠤᠯᠢ᠂ ᠳᠡᠯᠭᠡᠳᠦ ᠪᠠᠶᠠᠨ ᠤ᠋ ᠬᠥᠪᠡᠭᠦᠨ 
          ᠠᠷᠯᠠᠳ ᠤ᠋ᠨ ᠵᠠᠩᠵᠤᠨ ᠪᠤᠭᠤᠷᠵᠢ᠂ ᠯᠠᠬᠤ ᠪᠠᠶᠠᠨ ᠤ᠋ ᠬᠥᠪᠡᠭᠦᠨ 
          ᠰᠦᠯᠳᠡᠰᠦᠨ ᠦ᠌ ᠬᠦᠯᠦᠭ ᠴᠢᠯᠠᠭᠤᠨ᠂ ᠰᠤᠷᠬᠠᠨ ᠰᠢᠷ᠎ᠠ ᠶ᠋ᠢᠨ ᠬᠥᠪᠡᠭᠦᠨ 
          ᠦᠬᠦᠰᠢᠨ ᠦ᠌ ᠬᠦᠯᠦᠭ ᠪᠤᠭᠤᠷᠤᠯ᠂ ᠬᠤᠸᠠᠩᠬᠡᠦ ᠶ᠋ᠢᠨ ᠲᠥᠷᠬᠥᠮ ᠦ᠋ᠨ ᠰᠠᠢᠳ 
          ᠣᠷᠢᠶᠠᠩᠬᠠᠨ ᠤ᠋ ᠲᠠᠪᠤᠨᠠᠩ ᠵᠡᠯᠮ᠎ᠡ᠂ ᠵᠠᠷᠴᠢᠭᠤᠲᠠᠢ ᠮᠡᠷᠭᠡᠨ ᠦ᠌ ᠬᠥᠪᠡᠭᠦᠨ 
          ᠴᠡᠢᠯᠵᠢ ᠶ᠋ᠢᠨ ᠲᠠᠪᠤᠨᠠᠩ ᠪᠣᠳᠣ᠂ ᠢᠯᠭᠦᠨ᠎ᠡ ᠶ᠋ᠢᠨ ᠶᠠᠪᠤᠴᠢᠲᠠᠢ ᠥᠲᠡᠭᠦᠰ ᠦ᠋ᠨ ᠦᠶ᠎ᠡ ᠬᠥᠪᠡᠭᠦᠨ 
          ᠬᠣᠩᠭᠢᠷᠠᠳ ᠤ᠋ᠨ ᠠᠵᠢᠨᠠᠢ ᠮᠡᠷᠭᠡᠨ ᠨᠠᠭᠠᠴᠤ ᠨᠣᠶᠠᠨ᠂ ᠬᠤᠸᠠᠩᠬᠡᠦ ᠶ᠋ᠢᠨ ᠶᠡᠬᠡ ᠠᠬ᠎ᠠ 
          ᠬᠣᠩᠭᠢᠷᠠᠳ ᠤ᠋ᠨ ᠬᠤᠳᠠᠷᠭ᠎ᠠ ᠪᠠᠭᠠᠲᠤᠷ᠂ ᠬᠤᠸᠠᠩᠬᠡᠦ ᠶ᠋ᠢᠨ ᠬᠣᠶᠠᠳᠤᠭᠠᠷ ᠠᠬ᠎ᠠ  
          ᠤᠭᠰᠠᠭ᠎ᠠ ᠶ᠋ᠢᠨ ᠵᠠᠮᠪᠠᠯ ᠨᠣᠶᠠᠨ᠂ ᠰᠠᠢᠨ ᠪᠥᠬᠡ ᠬᠠᠭᠠᠨ ᠤ᠋ ᠬᠥᠪᠡᠭᠦᠨ 
          ᠤᠭᠰᠠᠭ᠎ᠠ ᠶ᠋ᠢᠨ ᠪᠣᠯᠤᠭ᠎ᠠ ᠪᠠᠭᠠᠲᠤᠷ᠂ ᠰᠠᠢᠨ ᠪᠥᠬᠡ ᠬᠠᠭᠠᠨ ᠤ᠋ ᠳᠡᠳ᠋ ᠬᠥᠪᠡᠭᠦᠨ 
          ᠬᠡᠷᠡᠢᠳ ᠦ᠋ᠨ ᠲᠤᠰᠬᠤ᠂ ᠸᠠᠩ ᠬᠠᠨ ᠲᠤᠭᠤᠷᠢᠯ ᠤ᠋ᠨ ᠳᠡᠳ᠋ ᠬᠥᠪᠡᠭᠦᠨ 
          ᠨᠠᠢ᠍ᠮᠠᠨ ᠤ᠋ ᠠᠯᠲᠠᠨᠱᠠᠭ᠎ᠠ ᠬᠦᠩ᠂ ᠲᠠᠢᠶᠠᠩ ᠬᠠᠭᠠᠨ ᠤ᠋ ᠶᠡᠬᠡ ᠬᠥᠪᠡᠭᠦᠨ   
          ᠸᠠᠩᠭᠦᠪ ᠠᠠᠢᠮᠠᠭ ᠤ᠋ᠨ ᠡᠵᠡᠨ ᠲᠠᠴᠢᠩᠬᠤᠷᠯᠤᠤ᠂ ᠬᠠᠭᠤᠴᠢᠨ ᠯᠢᠶᠣᠣ ᠶ᠋ᠢᠨ ᠬᠥᠮᠦᠨ 
          ᠪᠠᠳᠤᠨ᠎ᠠ ᠠᠢᠮᠠᠭ ᠤ᠋ᠨ ᠡᠵᠡᠨ ᠢᠯᠠᠭᠤᠭᠰᠠᠨ᠂ ᠬᠠᠭᠤᠴᠢᠨ ᠯᠢᠶᠣᠣ ᠶ᠋ᠢᠨ ᠬᠥᠮᠦᠨ 
          ᠵᠦᠷᠴᠢᠳ ᠠᠢᠮᠠᠭ ᠤ᠋ᠨ ᠡᠵᠡᠨ ᠴᠤᠤ ᠮᠡᠷᠭᠡᠨ᠂ ᠬᠠᠭᠤᠴᠢᠨ ᠰᠠᠢᠳ  
          ᠪᠠᠰᠤᠨ ᠠᠢᠮᠠᠭ ᠤ᠋ᠨ ᠡᠵᠡᠨ ᠵᠡᠪᠡ ᠨᠣᠶᠠᠨ᠂ ᠬᠠᠭᠤᠴᠢᠨ ᠵᠠᠩᠵᠤᠨ 
          ᠲᠠᠬᠠᠷ ᠠᠢᠮᠠᠭ ᠤ᠋ᠨ ᠡᠵᠡᠨ ᠰᠢᠷᠢᠬᠤᠳᠤᠭ᠂ ᠬᠠᠭᠤᠴᠢᠨ ᠵᠠᠩᠵᠤᠨ  
          ᠣᠢᠷᠠᠳ ᠤ᠋ᠨ ᠡᠵᠡᠨ ᠬᠠᠷ᠎ᠠ ᠬᠢᠷᠤ᠂ ᠬᠠᠭᠤᠴᠢᠨ ᠵᠠᠩᠵᠤᠨ  
          ᠰᠢᠯᠲᠠᠳ ᠠᠢᠮᠠᠭ ᠤ᠋ᠨ ᠡᠵᠡᠨ ᠴᠢᠨᠳᠠᠭᠠᠨ᠎ᠠ ᠰᠡᠴᠡᠨ᠂ ᠬᠠᠭᠤᠴᠢᠨ ᠰᠠᠢᠳ 
          ᠬᠣᠩᠬᠣᠲᠠᠨ ᠤ᠋ ᠮᠡᠩᠬᠡᠯᠢᠭ᠂ ᠤᠭ᠎ᠠ ᠶ᠋ᠢᠨ ᠬᠠᠭᠤᠴᠢᠨ ᠵᠠᠩᠵᠤᠨ 
          ᠪᠤᠭᠯᠤᠳ ᠤ᠋ᠨ ᠰᠢᠭᠦᠷ ᠲᠦᠰᠢᠮᠡᠯ᠂ ᠤᠭ᠎ᠠ ᠶ᠋ᠢᠨ ᠬᠠᠭᠤᠴᠢᠨ ᠰᠠᠢᠳ 
          ᠵᠠᠯᠠᠢᠳ ᠤ᠋ᠨ ᠲᠡᠢᠨ ᠰᠠᠩ᠂ ᠵᠢᠨᠦᠩ ᠮᠤᠬᠤᠯᠢ ᠨᠣᠶᠠᠨ ᠤ ᠳᠡᠭᠦᠦ 
          ᠣᠷᠢᠶᠠᠩᠬᠠᠨ ᠤ᠋ ᠶᠡᠬᠡ ᠹᠦᠮᠠ ᠴᠡᠴᠡᠭᠡᠢ ᠵᠢᠪᠬᠡ᠂ ᠲᠠᠪᠤᠨᠠᠩ ᠵᠡᠯᠮ᠎ᠡ ᠶ᠋ᠢᠨ ᠬᠥᠪᠡᠭᠦᠨ  
          ᠴᠢᠮᠡᠳ ᠠᠢᠮᠠᠭ ᠤ᠋ᠨ ᠡᠵᠡᠨ ᠦᠯᠬᠦ ᠰᠠᠢᠳ᠂ ᠬᠠᠭᠤᠴᠢᠨ ᠲᠦᠰᠢᠮᠡᠯ  
          ᠤᠭᠰᠠᠭ᠎ᠠ ᠶ᠋ᠢᠨ ᠲᠤᠭᠳᠠᠩᠭᠤ ᠪᠠᠭᠠᠲᠤᠷ 
          ᠤᠭᠰᠠᠭ᠎ᠠ ᠶ᠋ᠢᠨ ᠰᠥᠪᠡᠭᠡᠳᠡᠢ ᠪᠠᠭᠠᠲᠤᠷ᠂ 
          ᠬᠣᠵᠢᠮ ᠤ᠋ᠨ ᠶᠡᠬᠡ ᠶᠤᠸᠠᠨᠱᠤᠸᠠᠢ ᠤᠷᠢᠶᠠᠩᠬᠠᠳᠠᠢ ᠪᠠᠭᠠᠲᠤᠷ ᠤ᠋ᠨ ᠡᠴᠢᠭᠡ   
          ᠰᠥᠨᠢᠳ ᠠᠢᠮᠠᠭ ᠤ᠋ᠨ ᠡᠵᠡᠨ ᠭᠢᠯᠦᠭᠡᠨ ᠪᠠᠭᠠᠲᠤᠷ 
          ᠵᠦᠷᠭᠢᠨ ᠠᠢᠮᠠᠭ ᠤ᠋ᠨ ᠡᠵᠡᠨ ᠵᠥᠯᠭᠡᠲᠡᠢ ᠪᠠᠭᠠᠲᠤᠷ   
          ᠮᠠᠩᠨᠤᠳ ᠠᠢᠮᠠᠭ ᠤ᠋ᠨ ᠡᠵᠡᠨ ᠬᠣᠢᠯᠳᠤᠷ ᠬᠣᠰᠢᠭᠤᠴᠢ  
          ᠮᠠᠢᠯᠵᠢ ᠶ᠋ᠢᠨ ᠪᠣᠯᠢᠭᠲᠤ ᠪᠠᠷᠰ ᠥᠨᠳᠥᠷ ᠰᠡᠴᠡᠨ ᠦ᠌ ᠬᠠᠮᠲᠤ ᠲᠥᠷᠥᠭᠰᠡᠨ ᠬᠥᠪᠡᠭᠦᠨ 
          ᠮᠠᠢᠯᠵᠢ ᠶ᠋ᠢᠨ ᠰᠢᠯᠢᠭᠲᠦ ᠪᠠᠷᠰ ᠥᠨᠳᠥᠷ ᠰᠡᠴᠡᠨ ᠦ᠌ ᠬᠠᠮᠲᠤ ᠲᠥᠷᠥᠭᠰᠡᠨ ᠳᠡᠳ᠋ ᠬᠥᠪᠡᠭᠦᠨ   
          ᠮᠠᠢᠯᠵᠢ ᠶ᠋ᠢᠨ ᠲᠡᠰᠬᠡᠯ ᠪᠠᠷᠰ ᠥᠨᠳᠥᠷ ᠰᠡᠴᠡᠨ ᠦ᠌ ᠬᠠᠮᠲᠤ ᠲᠥᠷᠥᠭᠰᠡᠨ ᠭᠤᠲᠠᠭᠠᠷ ᠬᠥᠪᠡᠭᠦᠨ 
ᠡᠨᠡ ᠭᠤᠴᠢᠨ ᠵᠢᠷᠭᠤᠭᠠᠨ ᠲᠢᠶᠠᠨ ᠭᠠᠩ ᠣᠳᠣᠨ ᠤ᠋ ᠱᠠᠩ ᠲᠠᠢᠹᠦ᠋ ᠰᠠᠢᠳ ᠨᠢᠭᠡᠨ ᠢᠯᠡᠭᠦᠦ᠂ ᠨᠡᠢᠲᠡ ᠭᠤᠴᠢᠨ ᠳᠣᠯᠣᠭ᠎ᠠ᠃   

          ᠵᠠᠯᠠᠢᠳ ᠤ᠋ᠨ ᠳᠡᠯᠭᠡᠲᠦ ᠪᠠᠶᠠᠨ ᠥᠲᠡᠭᠦᠰ ᠮᠤᠬᠤᠯᠢ ᠶ᠋ᠢᠨ ᠡᠴᠢᠭᠡ  
          ᠠᠷᠯᠠᠳ ᠤ᠋ᠨ ᠯᠠᠬᠤ ᠪᠠᠶᠠᠨ ᠥᠲᠡᠭᠦᠰ ᠪᠤᠭᠤᠷᠵᠢ ᠶ᠋ᠢᠨ ᠡᠴᠢᠭᠡ   
          ᠴᠡᠢᠯᠵᠢ ᠶ᠋ᠢᠨ ᠶᠠᠪᠤᠴᠢᠲᠠᠢ ᠥᠲᠡᠭᠦᠰ ᠲᠠᠪᠤᠨᠠᠩ ᠪᠣᠳᠣ ᠶ᠋ᠢᠨ ᠠᠪᠠᠭ᠎ᠠ  
          ᠣᠢᠷᠠᠳ ᠠᠢᠮᠠᠭ ᠤ᠋ᠨ ᠡᠵᠡᠨ ᠬᠤᠳᠤᠭᠠᠨ᠎ᠠ ᠪᠡᠬᠢ 
          ᠲᠠᠷᠠᠬᠤᠨ ᠠᠢᠮᠠᠭ ᠤ᠋ᠨ ᠡᠵᠡᠨ ᠬᠤᠷᠴᠠ ᠪᠠᠢᠷᠢ ᠬᠠᠭᠤᠴᠢᠨ ᠵᠠᠩᠵᠤᠨ 
          ᠠᠷᠭᠠᠰᠤᠨ ᠠᠢᠮᠠᠭ ᠤ᠋ᠨ ᠬᠣᠷᠭᠣᠯᠵᠢ ᠬᠠᠭᠤᠴᠢᠨ ᠰᠠᠢᠳ 
          ᠮᠠᠩᠨᠤᠳ ᠤ᠋ᠨ ᠣᠶᠤᠲᠤ ᠰᠡᠴᠡᠨ ᠴᠣᠯᠠᠲᠤ ᠰᠣᠴᠢ ᠬᠠᠭᠤᠴᠢᠨ ᠰᠠᠢᠳ 
          ᠪᠠᠷᠯᠠᠰ ᠠᠢᠮᠠᠭ ᠤ᠋ᠨ ᠡᠵᠡᠨ ᠣᠶᠤᠨ ᠭᠤᠸ᠎ᠠ ᠬᠠᠭᠤᠴᠢᠨ ᠰᠠᠢᠳ 
          ᠲᠡᠩᠳᠦ ᠠᠢᠮᠠᠭ ᠤ᠋ᠨ ᠰᠠᠢᠬᠠᠨ ᠰᠤᠷᠲᠠᠯᠲᠤ ᠴᠣᠯᠠᠲᠤ ᠰᠠᠬ᠎ᠠ ᠬᠠᠭᠤᠴᠢᠨ ᠰᠠᠢᠳ 
          ᠮᠠᠢᠯᠵᠢ ᠶ᠋ᠢᠨ ᠦᠨᠡᠨ ᠲᠡᠭᠦᠰ ᠥᠨᠳᠥᠷ ᠰᠡᠴᠡᠨ ᠦ᠌ ᠳᠡᠳ᠋ ᠳᠡᠭᠦᠦ 
          ᠲᠠᠲ᠋ᠠᠷ ᠤ᠋ᠨ ᠣᠢᠷᠠᠳ ᠠᠢᠮᠠᠭ ᠤ᠋ᠨ ᠳᠡᠭᠦᠰᠴᠤᠭᠲᠤ ᠶᠡᠬᠡ ᠵᠣᠷᠣ ᠨᠣᠶᠠᠨ ᠤ᠋ ᠬᠥᠪᠡᠭᠦᠨ 
          ᠵᠠᠯᠠᠢᠳ ᠤ᠋ᠨ ᠪᠤᠯᠤ᠂ ᠵᠢᠨᠦᠩ ᠮᠤᠬᠤᠯᠢ ᠶ᠋ᠢᠨ ᠶᠡᠬᠡ ᠬᠥᠪᠡᠭᠦᠨ 
          ᠠᠷᠯᠠᠳ ᠤ᠋ᠨ ᠡᠭᠦᠯᠡᠨ ᠴᠡᠷᠪᠢ᠂ ᠬᠦᠯᠦᠭ ᠵᠠᠩᠵᠤᠨ ᠪᠤᠭᠤᠷᠵᠢ ᠶ᠋ᠢᠨ ᠬᠥᠪᠡᠭᠦᠨ   
          ᠬᠣᠩᠬᠣᠳᠠᠨ ᠤ᠋ ᠠᠯᠤᠬ᠎ᠠ᠂ ᠮᠡᠩᠬᠡᠯᠢᠭ ᠦ᠋ᠨ ᠶᠡᠬᠡ ᠬᠥᠪᠡᠭᠦᠨ  
          ᠬᠣᠩᠬᠣᠳᠠᠨ ᠤ᠋ ᠰᠦᠬᠡ᠂ ᠮᠡᠩᠬᠡᠯᠢᠭ ᠦ᠋ᠨ ᠳᠡᠳ᠋ ᠬᠥᠪᠡᠭᠦᠨ 
          ᠵᠠᠯᠠᠢᠳ ᠤ᠋ᠨ ᠰᠦᠷᠲᠦ᠂ ᠵᠢᠨᠦᠩ ᠮᠤᠬᠤᠯᠢ ᠶ᠋ᠢᠨ ᠳᠡᠳ᠋ ᠬᠥᠪᠡᠭᠦᠨ  
          ᠤᠭᠰᠠᠭ᠎ᠠ ᠶ᠋ᠢᠨ ᠡᠷᠲᠡ ᠰᠠᠷᠠᠨ᠂ ᠴᠢᠨ ᠸᠠᠩ ᠪᠡᠯᠭᠦᠳᠡᠢ ᠶ᠋ᠢᠨ ᠶᠡᠬᠡ ᠬᠥᠪᠡᠭᠦᠨ  
          ᠤᠭᠰᠠᠭ᠎ᠠ ᠶ᠋ᠢᠨ ᠲᠣᠵᠣ᠌ ᠳᠣᠭᠰᠢᠨ᠂ ᠴᠢᠨ ᠸᠠᠩ ᠬᠠᠰᠠᠷ ᠤ᠋ᠨ ᠶᠡᠬᠡ ᠬᠥᠪᠡᠭᠦᠨ 
          ᠤᠢᠭᠤᠷ ᠤᠯᠤᠰ ᠤ᠋ᠨ ᠳᠠ ᠫᠠᠨ ᠾᠦᠩ ᠵᠣᠣ᠂ ᠨᠠᠢ᠍ᠮᠠᠨ ᠤ᠋ ᠶᠡᠬᠡ ᠴᠧᠩᠰᠢᠶᠠᠩ ᠪᠥᠯᠥᠭᠡ 
          ᠮᠠᠢᠯᠵᠢ ᠶ᠋ᠢᠨ ᠳᠠᠷᠰᠤᠨᠰᠤᠭᠴᠢ - ᠴᠢᠨ ᠸᠠᠩ ᠪᠡᠯᠭᠦᠳᠡᠢ ᠶ᠋ᠢᠨ ᠤᠷᠤᠭ ᠪᠣᠯᠤᠮᠤᠢ᠃ 
          ᠴᠠᠢᠯᠵᠢ ᠶ᠋ᠢᠨ ᠪᠣᠳᠣᠯᠭᠠᠲᠤ ᠪᠤᠰᠠᠩ ᠂ ᠲᠠᠪᠤᠨᠠᠩ ᠪᠣᠳᠣ ᠶ᠋ᠢᠨ ᠣᠢᠷ᠎ᠠ ᠳᠡᠭᠦᠦ 
          ᠬᠣᠩᠬᠣᠲᠠᠨ ᠤ᠋ ᠮᠡᠩᠭᠡᠲᠦ᠂ ᠮᠡᠩᠬᠡᠯᠢᠭ ᠦ᠋ᠨ ᠳᠡᠭᠦᠦ ᠪᠣᠯᠤᠮᠤᠢ᠃  
          ᠴᠢᠮᠡᠳ ᠦ᠋ᠨ ᠪᠣᠯᠭᠣᠨ᠂ ᠦᠯᠬᠦ ᠰᠠᠢᠳ ᠤ᠋ᠨ ᠶᠡᠬᠡ ᠬᠥᠪᠡᠭᠦᠨ  
          ᠮᠡᠷᠭᠢᠳ ᠦ᠋ᠨ ᠡᠵᠡᠨ ᠷᠢᠨᠴᠢᠨ᠂ ᠮᠠᠩᠨᠤᠭᠲᠤ ᠶ᠋ᠢᠨ ᠶᠡᠬᠡ ᠬᠥᠪᠡᠭᠦᠨ 
          ᠮᠠᠢᠯᠵᠢ ᠶ᠋ᠢᠨ ᠤᠷᠲᠤᠳᠠ᠂ ᠥᠨᠳᠥᠷ ᠰᠡᠴᠡᠨ ᠦ᠌ ᠳᠥᠷᠪᠡᠳᠦᠭᠡᠷ ᠳᠡᠭᠦᠦ 
          ᠰᠦᠯᠳᠡᠰᠦᠨ ᠦ᠌ ᠲᠡᠮᠦᠷ᠂ ᠰᠤᠷᠬᠠᠨ ᠰᠢᠷ᠎ᠠ ᠶ᠋ᠢᠨ ᠭᠤᠲᠠᠭᠠᠷ ᠬᠥᠪᠡᠭᠦᠨ 
          ᠸᠠᠩᠬᠦᠪ ᠠᠢᠮᠠᠭ ᠤ᠋ᠨ ᠬᠠᠵᠢᠨ ᠰᠢᠷ᠎ᠠ᠂ ᠳᠠᠴᠢᠩᠬᠣᠷᠯᠣᠣ ᠶ᠋ᠢᠨ ᠶᠡᠬᠡ ᠬᠥᠪᠡᠭᠦᠨ 
          ᠸᠠᠩᠬᠦᠪ ᠠᠢᠮᠠᠭ ᠤ᠋ᠨ ᠰᠢᠯᠢ ᠪᠥᠬᠡ᠂ ᠲᠠᠴᠢᠩᠬᠤᠷᠯᠣᠤ ᠶ᠋ᠢᠨ ᠳᠡᠳ᠋ ᠬᠥᠪᠡᠭᠦᠨ 
ᠡᠨᠡ ᠬᠣᠷᠢᠨ ᠨᠠᠢ᠍ᠮᠠᠨ ᠬᠠᠷᠠᠰ ᠣᠳᠣᠳ ᠤ᠋ᠨ ᠵᠦᠩ ᠲᠠᠢᠹᠦ᠋ ᠲᠦᠰᠢᠮᠡᠳ - ᠮᠤᠬᠤᠷ ᠬᠣᠷᠢᠨ ᠨᠠᠢ᠍ᠮᠠᠨ ᠨᠡᠷ᠎ᠡ᠃ 

          ᠠᠷᠯᠠᠳ ᠠᠢᠮᠠᠭ ᠤ᠋ᠨ ᠰᠢᠳᠠᠷ ᠬᠢᠷ᠎ᠠ ᠮᠠᠨᠵᠢᠨ᠂ ᠪᠠᠭ᠎ᠠ ᠳᠣᠲᠣᠭᠠᠳᠤ ᠰᠠᠢᠳ 
          ᠠᠷᠯᠠᠳ ᠤ᠋ᠨ ᠥᠭᠡᠯᠡᠢ ᠴᠡᠷᠪᠢ᠂ ᠬᠦᠯᠦᠭ  ᠪᠤᠭᠤᠷᠵᠢ ᠶ᠋ᠢᠨ ᠳᠡᠳ᠋ ᠬᠥᠪᠡᠭᠦᠨ 
          ᠪᠠᠰᠠᠳ ᠤ᠋ᠨ ᠬᠠᠳᠤ ᠲᠡᠮᠦᠷ᠂ ᠵᠡᠪᠡ ᠵᠠᠩᠵᠤᠨ ᠤ᠋ ᠶᠡᠬᠡ ᠬᠥᠪᠡᠭᠦᠨ 
          ᠪᠠᠰᠠᠳ ᠤ᠋ᠨ ᠳᠤᠭᠤᠯᠠᠭ᠎ᠠ ᠲᠡᠮᠦᠷ᠂ ᠵᠡᠪᠡ ᠵᠠᠩᠵᠤᠨ ᠤ᠋ ᠳᠡᠳ᠋ ᠬᠥᠪᠡᠭᠦᠨ 
          ᠪᠣᠭᠯᠤᠳ ᠤ᠋ᠨ ᠴᠠᠰ ᠲᠣᠭᠣᠷᠤᠤ᠂ ᠰᠢᠬᠦᠷ ᠲᠦᠰᠢᠮᠡᠯ ᠦ᠋ᠨ ᠭᠠᠭᠴᠠ ᠬᠥᠪᠡᠭᠦᠨ 
          ᠵᠦᠷᠴᠢᠳ ᠦ᠋ᠨ ᠬᠤᠪᠣᠯᠣᠢ ᠪᠣᠯᠣᠳ᠂ ᠴᠤᠤ ᠮᠡᠷᠭᠡᠨ ᠦ᠌ ᠶᠡᠬᠡ ᠬᠥᠪᠡᠭᠦᠨ 
          ᠵᠦᠷᠴᠢᠳ ᠦ᠋ᠨ ᠱᠣᠪᠤᠯᠠᠢ ᠪᠣᠯᠣᠳ᠂ ᠴᠤᠤ ᠮᠡᠷᠭᠡᠨ ᠦ᠌ ᠳᠡᠳ᠋ ᠬᠥᠪᠡᠭᠦᠨ 
          ᠣᠢᠷᠠᠳ ᠤ᠋ᠨ ᠬᠦᠳᠡᠷ ᠪᠦᠰᠡ᠂ ᠬᠤᠳᠠᠭᠠᠨ᠎ᠠ ᠪᠡᠬᠢ ᠶ᠋ᠢᠨ ᠶᠡᠬᠡ ᠬᠥᠪᠡᠭᠦᠨ 
          ᠣᠢᠷᠠᠳ ᠤ᠋ᠨ ᠬᠦᠷᠡᠯ ᠪᠦᠰᠡ᠂ ᠬᠤᠳᠠᠭᠠᠨ᠌᠎ᠠ ᠪᠡᠬᠢ ᠶ᠋ᠢᠨ ᠳᠡᠳ᠋ ᠬᠥᠪᠡᠭᠦᠨ 
          ᠤᠯᠬᠤᠨᠤᠳ ᠤ᠋ᠨ ᠸᠴᠢᠷ ᠰᠡᠴᠡᠨ᠂ ᠯᠢᠲ᠋ᠷ ᠰᠡᠴᠡᠨ ᠦ᠌ ᠶᠡᠬᠡ ᠠᠴᠢ ᠬᠥᠪᠡᠭᠦᠨ 
          ᠤᠯᠬᠤᠨᠤᠳ ᠤ᠋ᠨ ᠸᠴᠢᠷ ᠪᠡᠬᠢ  ᠯᠢᠳᠠᠷ ᠰᠡᠴᠡᠨ ᠦ᠌ ᠪᠠᠭ᠎ᠠ ᠠᠴᠢ ᠬᠥᠪᠡᠭᠦᠨ 
          ᠳᠠᠷᠬᠠᠳ ᠤ᠋ᠨ ᠪᠤᠭᠤᠲᠤ ᠬᠤᠸᠠ᠂ ᠬᠤᠷᠴᠠ ᠪᠠᠢᠷᠢ ᠶ᠋ᠢᠨ ᠶᠡᠬᠡ ᠬᠥᠪᠡᠭᠦᠨ 
          ᠳᠠᠷᠬᠠᠳ ᠤ᠋ᠨ ᠠᠯᠠᠭ ᠲᠤᠭᠤᠯ᠂ ᠬᠤᠷᠴᠠ ᠪᠠᠢᠷᠢ ᠶ᠋ᠢᠨ ᠪᠠᠭ᠎ᠠ ᠬᠥᠪᠡᠭᠦᠨ 
          ᠵᠦᠷᠭᠢᠨ ᠦ᠌ ᠲᠣᠳᠢ ᠴᠡᠷᠪᠢ᠂ ᠵᠥᠯᠭᠡᠲᠡᠢ ᠪᠠᠭᠠᠲᠤᠷ ᠤ᠋ᠨ ᠶᠡᠬᠡ ᠬᠥᠪᠡᠭᠦᠨ 
          ᠵᠦᠷᠭᠢᠨ ᠦ᠌ ᠪᠡᠬᠢ ᠴᠡᠷᠪᠢ᠂ ᠵᠥᠯᠭᠡᠲᠡᠢ ᠪᠠᠭᠠᠲᠤᠷ ᠤ᠋ᠨ ᠳᠡᠳ᠋ ᠬᠥᠪᠡᠭᠦᠨ 
          ᠰᠦᠯᠳᠡᠰᠦᠨ ᠦ᠌ ᠸᠴᠢᠷ ᠭᠠᠳᠠᠰᠤ᠂ ᠬᠦᠯᠦᠭ ᠴᠢᠯᠠᠭᠤᠨ ᠤ᠋ ᠶᠡᠬᠡ ᠬᠥᠪᠡᠭᠦᠨ 
          ᠰᠦᠯᠲᠡᠰᠦᠨ ᠦ᠌ ᠠᠯᠮᠠᠰ ᠭᠠᠳᠠᠰᠤ᠂ ᠬᠦᠯᠦᠭ ᠴᠢᠯᠠᠭᠤᠨ ᠤ᠋ ᠳᠡᠳ᠋ ᠬᠥᠪᠡᠭᠦᠨ 
          ᠲᠠᠬᠠᠷ ᠤ᠋ᠨ ᠭᠠᠯ ᠭᠠᠷᠤᠵᠠ᠂ ᠰᠢᠷᠢᠬᠤᠳᠤᠭ ᠤ᠋ᠨ ᠶᠡᠬᠡ ᠬᠥᠪᠡᠭᠦᠨ 
          ᠲᠠᠬᠠᠷ ᠤ᠋ᠨ ᠪᠣᠷᠣ ᠪᠦᠷᠭᠦᠳ᠂ ᠰᠢᠷᠢᠬᠤᠳᠤᠭ ᠤ᠋ᠨ ᠳᠡᠳ᠋ ᠬᠥᠪᠡᠭᠦᠨ 
          ᠦᠬᠦᠰᠢᠨ ᠦ᠌ ᠪᠣᠳᠳᠤᠯᠠᠩ᠂ ᠬᠦᠯᠦᠭ ᠪᠤᠭᠤᠷᠤᠯ ᠤ᠋ᠨ ᠶᠡᠬᠡ ᠬᠥᠪᠡᠭᠦᠨ 
          ᠦᠬᠦᠰᠢᠨ ᠦ᠌ ᠤᠭᠤᠲᠠᠢ᠂ ᠬᠦᠯᠦᠭ ᠪᠤᠭᠤᠷᠤᠯ ᠤ᠋ᠨ ᠳᠡᠳ᠋ ᠬᠥᠪᠡᠭᠦᠨ 
          ᠰᠦᠯᠳᠡᠰᠦᠨ ᠦ᠌ ᠠᠨᠠᠨᠲᠠ᠂ ᠰᠤᠷᠬᠠᠨ ᠰᠢᠷ᠎ᠠ ᠶ᠋ᠢᠨ ᠳᠡᠳ᠋ ᠬᠥᠪᠡᠭᠦᠨ᠂ ᠲᠡᠮᠦᠷ ᠦ᠋ᠨ ᠬᠥᠪᠡᠭᠦᠨ 
          ᠰᠦᠯᠳᠡᠰᠦᠨ ᠦ᠌ ᠰᠤᠪᠤᠳᠳ᠋᠂ ᠰᠤᠷᠬᠠᠨ ᠰᠢᠷ᠎ᠠ ᠶ᠋ᠢᠨ ᠳᠡᠳ᠋ ᠬᠥᠪᠡᠭᠦᠨ᠂ ᠲᠡᠮᠦᠷ ᠦ᠋ᠨ ᠪᠠᠭ᠎ᠠ ᠬᠥᠪᠡᠭᠦᠨ 
          ᠬᠣᠩᠭᠢᠷᠠᠳ ᠤ᠋ᠨ ᠴᠠᠭᠠᠨ ᠵᠠᠭᠠᠨ᠂ ᠨᠠᠭᠠᠴᠤ ᠨᠣᠶᠠᠨ ᠠᠵᠢᠨᠠᠢ ᠮᠡᠷᠭᠡᠨ ᠦ᠌ ᠶᠡᠬᠡ ᠬᠥᠪᠡᠭᠦᠨ 
          ᠬᠣᠩᠭᠢᠷᠠᠳ ᠤ᠋ᠨ ᠬᠠᠷ᠎ᠠ ᠯᠤᠤᠰ᠂ ᠨᠠᠭᠠᠴᠤ ᠨᠣᠶᠠᠨ ᠠᠵᠢᠨᠠᠢ ᠮᠡᠷᠭᠡᠨ ᠤ ᠳᠡᠳ᠋ ᠬᠥᠪᠡᠭᠦᠨ 
          ᠮᠠᠩᠨᠤᠳ ᠤ᠋ᠨ ᠶᠤᠤᠯ ᠮᠠᠰ᠎ᠠ᠂ ᠣᠶᠤᠲᠤ ᠰᠡᠴᠡᠨ ᠰᠣᠴᠢ ᠶ᠋ᠢᠨ ᠭᠠᠭᠴᠠ ᠬᠥᠪᠡᠭᠦᠨ  
          ᠬᠣᠩᠬᠣᠲᠠᠨ ᠤ᠋ ᠥᠳᠥ᠂ ᠮᠡᠩᠬᠡᠯᠢᠭ ᠦ᠋ᠨ ᠭᠤᠷᠪᠠᠳᠤᠭᠠᠷ ᠬᠥᠪᠡᠭᠦᠨ 
          ᠬᠣᠩᠬᠣᠲᠠᠨ ᠤ᠋ ᠰᠣᠳᠣ᠂ ᠮᠡᠩᠬᠡᠯᠢᠩ ᠦ᠋ᠨ ᠳᠥᠷᠪᠡᠳᠦᠭᠡᠷ ᠬᠥᠪᠡᠭᠦᠨ᠂ 
          ᠠᠷᠯᠠᠳ ᠤ᠋ᠨ ᠪᠣᠯᠤᠨᠳᠣᠢ᠂ ᠬᠦᠯᠦᠭ ᠪᠤᠭᠤᠷᠵᠢ ᠶ᠋ᠢᠨ ᠭᠤᠷᠪᠠᠳᠤᠭᠠᠷ ᠬᠥᠪᠡᠭᠦᠨ 
          ᠠᠷᠯᠠᠳ ᠤ᠋ᠨ ᠪᠠᠯᠠᠨᠲᠠᠢ᠂ ᠬᠦᠯᠦᠭ ᠪᠤᠭᠤᠷᠵᠢ ᠶ᠋ᠢᠨ ᠳᠥᠷᠪᠡᠳᠦᠭᠡᠷ ᠬᠥᠪᠡᠭᠦᠨ᠂ 
          ᠰᠢᠯᠲᠠᠳ ᠤ᠋ᠨ ᠸᠠᠩᠴᠢᠩ᠂ ᠴᠢᠳᠠᠭᠠᠨ᠎ᠠ ᠰᠡᠴᠡᠨ ᠤ ᠶᠡᠬᠡ ᠬᠥᠪᠡᠭᠦᠨ᠃ 
          ᠰᠢᠯᠲᠠᠳ ᠤ᠋ᠨ ᠠᠯᠠᠢᠵᠢᠩ᠂ ᠴᠢᠳᠠᠭᠠᠨ᠎ᠠ ᠰᠡᠴᠡᠨ ᠤ ᠪᠠᠭ᠎ᠠ ᠬᠥᠪᠡᠭᠦᠨ 
          ᠪᠠᠷᠯᠠᠰ ᠤ᠋ᠨ ᠤᠨᠵᠢᠭᠠᠢ᠂ ᠣᠶᠤᠨ ᠭᠤᠸ᠎ᠠ ᠶ᠋ᠢᠨ ᠶᠡᠬᠡ ᠬᠥᠪᠡᠭᠦᠨ᠃ 
          ᠪᠠᠷᠯᠠᠰ ᠤ᠋ᠨ ᠰᠤᠨᠵᠢᠭᠠᠢ᠂ ᠣᠶᠤᠨ ᠭᠤᠸ᠎ᠠ ᠶ᠋ᠢᠨ ᠪᠠᠭ᠎ᠠ ᠬᠥᠪᠡᠭᠦᠨ 
          ᠴᠢᠮᠡᠳ ᠦ᠋ᠨ ᠰᠠᠴᠤᠷᠠᠬᠤ᠂ ᠦᠯᠬᠦ ᠰᠠᠢᠳ ᠤ᠋ᠨ ᠤᠷᠤᠭ ᠤ᠋ᠨ ᠬᠥᠮᠦᠨ᠃ 
          ᠬᠡᠷᠡᠢᠳ ᠦ᠋ᠨ ᠠᠨᠳᠤ᠂ ᠸᠠᠩ ᠬᠠᠨ ᠲᠤᠭᠤᠷᠢᠯ ᠤ᠋ᠨ ᠬᠥᠭᠰᠢᠨ ᠰᠠᠢᠳ 
          ᠬᠡᠷᠡᠢᠳ ᠦ᠋ᠨ ᠫᠣᠯᠭᠣᠳᠠᠢ᠂ ᠸᠠᠩ ᠬᠠᠨ ᠲᠤᠭᠤᠷᠢᠯ ᠤ᠋ᠨ ᠤᠭ ᠵᠠᠩᠵᠤᠨ᠃ 
          ᠬᠡᠷᠡᠢᠳ ᠦ᠋ᠨ ᠠᠰᠤᠷᠢ᠂ ᠸᠠᠩ ᠬᠠᠨ ᠲᠤᠭᠤᠷᠢᠯ ᠤ᠋ᠨ ᠤᠭ ᠰᠠᠢᠳ 
          ᠬᠡᠷᠡᠢᠳ ᠦ᠋ᠨ ᠴᠠᠷᠠᠰᠤ᠂ ᠸᠠᠩ ᠬᠠᠨ ᠲᠤᠭᠤᠷᠢᠯ ᠤ᠋ᠨ ᠰᠤᠯᠠ ᠰᠠᠢᠳ᠃ 
          ᠳᠠᠷᠬᠠᠳ ᠤ᠋ᠨ ᠰᠤᠨᠵᠢᠷ᠎ᠠ᠂ ᠬᠤᠷᠴᠠ ᠪᠠᠢᠷᠢ ᠶ᠋ᠢᠨ ᠭᠤᠷᠪᠠᠳᠤᠭᠠᠷ ᠬᠥᠪᠡᠭᠦᠨ 
          ᠳᠠᠷᠬᠠᠳ ᠤ᠋ᠨ ᠰᠠᠷᠲᠠ᠂ ᠬᠤᠷᠴᠠ ᠪᠠᠢᠷᠢ ᠶ᠋ᠢᠨ ᠳᠥᠷᠪᠡᠳᠦᠭᠡᠷ ᠬᠥᠪᠡᠭᠦᠨ᠃ 
          ᠳᠠᠷᠬᠠᠳ ᠤ᠋ᠨ ᠯᠠᠬᠠᠯᠠᠢ᠂ ᠬᠤᠷᠴᠠ ᠪᠠᠢᠷᠢ ᠶ᠋ᠢᠨ ᠲᠠᠪᠤᠳᠤᠭᠠᠷ ᠬᠥᠪᠡᠭᠦᠨ 
          ᠨᠠᠢ᠍ᠮᠠᠨ ᠤ᠋ ᠪᠠᠭ᠎ᠠ ᠡᠵᠡᠨ ᠮᠥᠩᠭᠥᠨ ᠲᠣᠯᠢ᠂ ᠲᠠᠢᠶᠠᠩ ᠬᠠᠨ ᠪᠤᠯᠤ ᠶ᠋ᠢᠨ ᠳᠡᠳ᠋ ᠬᠥᠪᠡᠭᠦᠨ᠃ 
          ᠨᠠᠢ᠍ᠮᠠᠨ ᠤ᠋ ᠮᠢᠩᠭᠠᠲᠠᠨ᠂ ᠳᠠᠢᠶᠠᠩ ᠬᠠᠨ ᠤ᠋ ᠤᠭ ᠰᠠᠢᠳ 
          ᠨᠠᠢ᠍ᠮᠠᠨ ᠤ᠋ ᠢᠳᠡᠷ ᠳᠣᠪᠣ᠂ ᠳᠠᠢᠶᠠᠩ ᠬᠠᠨ ᠪᠤᠯᠤ ᠶ᠋ᠢᠨ ᠤᠭ ᠵᠠᠩᠵᠤᠨ᠃ 
          ᠨᠠᠢ᠍ᠮᠠᠨ ᠤ᠋ ᠴᠢᠦᠢ ᠱᠢ ᠯᠢ᠂ ᠳᠠᠢᠶᠠᠩ ᠬᠠᠨ ᠤ᠋ ᠴᠢᠦᠢ ᠰᠢᠦᠸᠠᠢ ᠡᠤ ᠶ᠋ᠢᠨ ᠬᠥᠪᠡᠭᠦᠨ 
          ᠨᠠᠢ᠍ᠮᠠᠨ ᠤ᠋ ᠦᠨᠡᠨ ᠴᠢᠩᠳᠦ᠂ ᠳᠠᠢᠶᠠᠩ ᠬᠠᠨ ᠤ᠋ ᠢᠳᠡᠷ ᠳᠣᠪᠣ ᠶ᠋ᠢᠨ ᠬᠥᠪᠡᠭᠦᠨ᠃ 
          ᠴᠠᠢᠯᠵᠢ ᠶ᠋ᠢᠨ ᠨᠠᠨᠰᠠᠷ᠂ ᠢᠯᠭᠦᠨ᠎ᠡ ᠶ᠋ᠢᠨ ᠲᠠᠪᠤᠨᠠᠩ ᠪᠣᠳᠣ ᠶ᠋ᠢᠨ ᠬᠥᠪᠡᠭᠦᠨ 
          ᠤᠭᠰᠠᠭ᠎ᠠ ᠶ᠋ᠢᠨ ᠠᠬᠠᠢ᠂ ᠵᠠᠮᠪᠠᠯ ᠬᠦᠩ ᠦ᠋ᠨ ᠶᠡᠬᠡ ᠬᠥᠪᠡᠭᠦᠨ᠃ 
          ᠤᠭᠰᠠᠭ᠎ᠠ ᠶ᠋ᠢᠨ ᠶᠸᠰᠢ᠂ ᠵᠠᠮᠪᠠᠯ ᠬᠦᠩ ᠦ᠋ᠨ ᠪᠠᠭ᠎ᠠ ᠬᠥᠪᠡᠭᠦᠨ 
          ᠤᠭᠰᠠᠭ᠎ᠠ ᠶ᠋ᠢᠨ ᠱᠢᠯᠢᠶᠠᠮᠪᠦ᠂ ᠵᠠᠮᠪᠠᠯ ᠤ᠋ᠨ ᠳᠡᠭᠦᠦ ᠪᠣᠯᠤᠭ᠎ᠠ ᠶ᠋ᠢᠨ ᠭᠠᠭᠴᠠ ᠬᠥᠪᠡᠭᠦᠨ 
          ᠤᠢᠭᠤᠷ ᠤᠯᠤᠰ ᠤ᠋ᠨ ᠾᠦᠩ ᠶᠦᠨ᠂ ᠨᠠᠢ᠍ᠮᠠᠨ ᠤ᠋ ᠴᠸᠡᠩᠰᠢᠶᠠᠩ ᠺᠠᠨ ᠾᠦᠩ ᠡᠦ ᠶ᠋ᠢᠨ ᠬᠥᠪᠡᠭᠦᠨ 
          ᠠᠯᠲᠠᠨ ᠤᠯᠤᠰ ᠤ᠋ᠨ ᠯᠢᠦ ᠵᠦᠩ ᠯᠦ᠍ ᠠᠯᠲᠠᠨ ᠤ᠋ ᠸᠠᠨ ᠶᠠᠨ ᠠ ᠰᠢᠨ ᠨᠠ ᠶ᠋ᠢᠨ ᠵᠢᠭᠡ ᠬᠥᠪᠡᠭᠦᠨ 
ᠡᠨᠡ ᠲᠠᠪᠢᠨ ᠭᠤᠷᠪᠠᠨ ᠳᠣᠣᠷᠠᠲᠤ ᠭᠠᠵᠠᠷ ᠤ᠋ᠨ ᠭᠠᠷᠠᠭ ᠤ᠋ᠨ ᠰᠢᠶᠠ ᠲᠠᠢᠹᠦ᠋ ᠲᠦᠰᠢᠮᠡᠳ ᠦ᠋ᠨ ᠲᠠᠪᠢᠨ ᠭᠤᠷᠪᠠᠨ ᠨᠡᠷ᠎ᠡ᠃ 
       ᠯᠢᠶᠣᠣ ᠳ᠋ᠦᠩ ᠦ᠋ᠨ ᠢᠳᠡᠲᠡᠢ ᠵᠠᠩᠵᠤᠨ ᠬᠠᠭᠤᠴᠢᠨ ᠯᠢᠶᠣᠣ ᠤᠯᠤᠰ ᠤ᠋ᠨ ᠶᠧ ᠯᠢᠦᠢ ᠣᠪᠣᠭ ᠤ᠋ᠨ ᠤᠭᠰᠠᠭ᠎ᠠ᠂ ᠶᠧ ᠯᠢᠦᠢ ᠯᠢᠦ ᠬᠸ ᠦ᠋ᠨ ᠤᠷᠤᠭ ᠤ᠋ᠨ ᠳᠡᠭᠦᠦ᠃  
       ᠯᠢᠶᠣᠣ ᠰᠢ ᠶ᠋ᠢᠨ ᠰᠢᠮᠤ ᠮᠢᠩᠭᠠᠨ ᠬᠠᠭᠤᠴᠢᠨ ᠯᠢᠶᠣᠣ ᠤᠯᠤᠰ ᠤ᠋ᠨ ᠬᠥᠮᠦᠨ᠂ ᠠᠯᠲᠠᠨ ᠤᠯᠤᠰ ᠤ᠋ᠨ ᠬᠠᠢᠭᠤᠯᠯᠠᠭᠴᠢ ᠴᠡᠷᠢᠭ ᠦ᠋ᠨ ᠲᠦᠰᠢᠮᠡᠯ᠃ 
       ᠯᠢᠶᠣᠣ ᠰᠢ ᠵᠢᠨ ᠭᠦᠸᠧ ᠪᠤᠤ ᠢᠦᠢ᠂ ᠬᠠᠭᠤᠴᠢᠨ ᠯᠢᠶᠣᠣ ᠤᠯᠤᠰ ᠤ᠋ᠨ ᠬᠥᠮᠦᠨ᠂ ᠠᠯᠲᠠᠨ ᠤᠯᠤᠰ ᠤ᠋ᠨ ᠬᠠᠢᠭᠤᠯᠯᠠᠭᠴᠢ ᠴᠡᠷᠢᠭ ᠦ᠋ᠨ ᠲᠦᠰᠢᠮᠡᠯ᠃
       ᠡᠮᠦᠨᠡᠲᠦ ᠰᠥᠩ ᠤᠯᠤᠰ ᠤ᠋ᠨ ᠱᠢ ᠲᠢᠶᠠᠨ ᠴᠢᠶᠠᠩ᠂ ᠠᠯᠲᠠᠨ ᠤᠯᠤᠰ ᠤ᠋ᠨ ᠡᠮᠦᠨ᠎ᠡ ᠵᠠᠮ ᠤ᠋ᠨ ᠬᠠᠢᠭᠤᠯᠯᠠᠭᠴᠢ ᠴᠡᠷᠢᠭ ᠦ᠋ᠨ ᠲᠦᠩ ᠯᠢᠩ ᠲᠦᠰᠢᠮᠡᠯ ᠪᠥᠯᠥᠭᠡ᠃ 
       ᠠᠯᠲᠠᠨ ᠤᠯᠤᠰ ᠤ᠋ᠨ ᠤᠭᠰᠠᠭ᠎ᠠ ᠸᠠᠨ ᠶᠠᠨ ᠠ ᠰᠢᠨ ᠨᠠ᠂ ᠠᠯᠲᠠᠨ ᠤᠯᠤᠰ ᠤ᠋ᠨ ᠤᠮᠠᠷᠠᠲᠤ ᠬᠠᠢᠭᠤᠯᠯᠠᠭᠴᠢ ᠲᠦᠰᠢᠮᠡᠯ᠃ 
       ᠠᠯᠲᠠᠨ ᠤᠯᠤᠰ ᠤ᠋ᠨ ᠫᠦ ᠲᠦᠩ ᠲᠦᠰᠢᠮᠡᠯ ᠶᠠᠪᠤᠭᠰᠠᠨ ᠯᠢᠶᠣᠣ ᠤᠯᠤᠰ ᠤ᠋ᠨ ᠬᠥᠮᠦᠨ᠂ ᠰᠢᠶᠣᠤ ᠶᠧ ᠰᠢᠶᠠᠨ ᠮᠡᠷᠭᠡᠨ ᠰᠠᠢᠳ᠃ 
       ᠠᠯᠲᠠᠨ ᠤᠯᠤᠰ ᠤ᠋ᠨ ᠯᠢᠦ ᠪᠦ᠂ ᠯᠢᠦ ᠵᠦᠩ ᠯᠦ᠍ ᠶ᠋ᠢᠨ ᠠᠪᠠᠭ᠎ᠠ ᠪᠣᠯᠤᠮᠤᠢ᠂ ᠯᠢᠶᠣᠣ ᠰᠢ ᠶ᠋ᠢᠨ ᠬᠥᠮᠦᠨ᠂ ᠠᠯᠲᠠᠨ ᠤ᠋ ᠰᠠᠢᠳ᠃ 
       ᠠᠯᠲᠠᠨ ᠤᠯᠤᠰ ᠤ᠋ᠨ ᠲᠦᠩ ᠵᠢᠶᠦ᠋ᠨ ᠸᠠᠨ ᠶᠠᠨ ᠠ ᠰᠢᠨ ᠨᠠ ᠶ᠋ᠢᠨ ᠤᠷᠤᠭ᠂ ᠠᠯᠲᠠᠨ ᠤ᠋ ᠵᠢᠢ ᠳᠦ ᠢᠦᠢ ᠲᠦᠰᠢᠮᠡᠯ ᠪᠥᠯᠥᠭᠡ᠃ 
       ᠯᠢᠶᠣᠣ ᠰᠢ ᠶ᠋ᠢᠨ ᠵᠠᠩ ᠵᠢᠩ ᠠᠯᠲᠠᠨ ᠤᠯᠤᠰ ᠤ᠋ᠨ ᠴᠠᠭᠠᠨ ᠬᠡᠷᠡᠮ ᠦ᠋ᠨ ᠣᠢᠷ᠎ᠠ ᠶ᠋ᠢᠨ ᠵᠧᠦ ᠪᠠᠯᠭᠠᠰᠤᠨ ᠤ᠋ ᠴᠧᠩ ᠱᠧᠦ ᠢᠦᠢ ᠲᠦᠰᠢᠮᠡᠯ᠃ 
       ᠯᠢᠶᠣᠣ ᠰᠢ ᠶ᠋ᠢᠨ ᠵᠧᠦ ᠶ᠋ᠢᠨ ᠠᠯᠲᠠᠨ ᠤᠯᠤᠰ ᠤ᠋ᠨ ᠤ᠋ ᠵᠧᠦ ᠪᠠᠯᠭᠠᠰᠤᠨ ᠤ᠋ ᠳᠠᠷᠤᠭ᠎ᠠ ᠴᠧᠩ ᠱᠧᠦ ᠢᠦᠢ ᠳᠡᠳ᠋ ᠲᠦᠰᠢᠮᠡᠯ᠃ 
ᠡᠨᠡ ᠭᠠᠳᠠᠭᠠᠳᠤ ᠵᠠᠮ ᠤ᠋ᠨ ᠳᠤᠮᠳᠠᠳᠤ ᠲᠠᠢᠹᠦ᠋ ᠲᠦᠰᠢᠮᠡᠯ ᠦ᠋ᠨ ᠮᠤᠬᠤᠷ ᠠᠷᠪᠠᠨ ᠵᠦᠩ ᠲᠠᠢᠹᠦ᠋ ᠰᠠᠢᠳ ᠤ᠋ᠨ ᠲᠣᠭ᠎ᠠ᠃ 
       ᠡᠨᠡ ᠢᠨᠤ ᠤᠯᠠᠭᠠᠨ ᠪᠠᠷᠰ ᠵᠢᠯ ᠦ᠋ᠨ ᠤᠭ ᠬᠠᠭᠤᠴᠢᠨ ᠰᠠᠢᠳ ᠪᠠ ᠭᠠᠳᠠᠭᠠᠳᠤ ᠤᠯᠤᠰ ᠠ᠋ᠴᠠ ᠡᠷᠢᠨ ᠳᠠᠭᠠᠷ᠎ᠠ ᠢᠷᠡᠭᠰᠡᠨ ᠯᠣᠭᠡ ᠨᠡᠢᠲᠡ ᠳᠥᠷᠪᠡᠨ ᠳᠡᠰ ᠦ᠋ᠨ ᠨᠢᠭᠡᠨ ᠵᠠᠭᠤᠨ ᠬᠣᠷᠢᠨ ᠨᠠᠢ᠍ᠮᠠᠨ ᠨᠡᠷ᠎ᠡ ᠶ᠋ᠢᠨ ᠲᠣᠪᠴᠢᠶ᠎ᠠ ᠮᠥᠨ᠃ 
       ᠡᠭᠦᠨᠴᠡ ᠭᠠᠳᠠᠨ᠎ᠠ ᠬᠣᠯᠠ ᠤᠯᠤᠰ ᠠᠢᠮᠠᠭ ᠤ᠋ᠨ ᠡᠵᠡᠳ ᠪᠠ ᠳᠠᠯᠠᠨ ᠲᠠᠪᠤᠨ ᠠᠢᠮᠠᠭ ᠤ᠋ᠳ ᠤ᠋ᠨ ᠡᠵᠡᠳ ᠵᠠᠩᠵᠤᠨ᠃   
       ᠬᠣᠯᠠ ᠣᠢᠷ᠎ᠠ ᠶ᠋ᠢᠨ ᠪᠤᠰᠤ ᠲᠤᠰᠢᠶᠠᠯ ᠳ᠋ᠤᠷ ᠪᠦᠬᠦᠢ ᠨᠡᠷ᠎ᠡ ᠶ᠋ᠢ ᠵᠢᠴᠢ ᠳᠠᠬᠢᠵᠤ ᠥᠪᠡᠷ᠎ᠡ ᠭᠠᠳᠠᠭᠠᠳᠤ ᠵᠠᠮ ᠤ᠋ᠨ ᠣᠯᠠᠨ ᠤᠯᠤᠰ ᠤ᠋ᠳ ᠤ᠋ᠨ ᠨᠡᠷ᠎ᠡ ᠶ᠋ᠢᠨ ᠳᠠᠩᠰᠠᠨ᠎ᠠ ᠥᠪᠡᠷ᠎ᠡ ᠵᠡᠷᠭᠡᠯᠡᠭᠦᠯᠦᠨ ᠭᠠᠷᠭᠠᠮᠤᠢ᠃ ᠡᠭᠦᠨ ᠳ᠋ᠦ᠍ᠷ ᠬᠠᠷᠢᠶ᠎ᠠ ᠦᠭᠡᠢ᠃ ᠭᠠᠳᠠᠭᠠᠳᠤ ᠠᠢᠮᠠᠭ ᠠ᠋ᠴᠠ ᠳᠠᠭᠠᠭᠰᠠᠨ ᠵᠠᠩᠵᠤᠨ ᠲᠦᠰᠢᠮᠡᠳ ᠮᠥᠨ ᠨᠡᠯᠢᠶᠡᠳ ᠠᠬᠤ ᠶ᠋ᠢ ᠳᠠᠬᠢᠨ ᠪᠤᠰᠤ ᠳᠠᠩᠰᠠᠨ᠎ᠠ ᠢᠯᠭᠠᠨ ᠰᠠᠯᠭᠠᠵᠤ ᠲᠣᠳᠣᠷᠬᠠᠢᠯᠠᠨ ᠨᠥᠬᠥᠵᠦ ᠭᠠᠷᠭᠠᠮᠤᠢ᠃ 
       ᠨᠢᠭᠡᠨ ᠶᠡᠬᠡ ᠮᠣᠩᠭᠣᠯ ᠤ᠋ᠨ ᠶᠤᠸᠠᠨ ᠤᠯᠤᠰ ᠤ᠋ᠨ ᠲᠤᠯᠭᠤᠷ ᠲᠥᠷᠥ ᠶ᠋ᠢ ᠪᠠᠢᠭᠤᠯᠵᠤ᠂ ᠳᠥᠷᠪᠡᠨ ᠳᠠᠯᠠᠢ ᠶ᠋ᠢᠨ ᠳᠣᠲᠣᠷ᠎ᠠ ᠬᠥᠨᠳᠡᠯᠡᠨ ᠭᠤᠯᠳᠤ ᠳᠠᠢᠯᠠᠨ ᠶᠠᠪᠤᠬᠤ ᠵᠠᠭᠤᠨ ᠲᠦᠮᠡᠨ ᠦ᠌ ᠶᠢᠰᠦᠨ ᠵᠠᠮ ᠤ᠋ᠨ ᠶᠡᠬᠡ ᠴᠡᠷᠢᠭ ᠲᠦ᠍ᠷ ᠡᠨᠡ ᠨᠢᠭᠡᠨ ᠵᠠᠭᠤᠨ ᠬᠣᠷᠢᠨ ᠨᠠᠢ᠍ᠮᠠᠨ ᠨᠡᠷ᠎ᠡ ᠶ᠋ᠢ ᠬᠠᠮᠢᠭ᠎ᠠ ᠬᠡᠷᠡᠭᠯᠡᠵᠦ ᠬᠦᠷᠦᠯᠴᠡᠬᠦ ᠠᠵᠠᠢ ? ᠭᠠᠭᠴᠠ ᠮᠢᠩᠭᠠᠨ ᠲᠦᠮᠡᠨ ᠬᠤᠪᠢ ᠶ᠋ᠢᠨ ᠳᠣᠲᠣᠷᠠᠬᠢ ᠲᠦᠰᠢᠮᠡᠯ ᠵᠠᠩᠵᠤᠨ ᠨᠠᠷ ᠤ᠋ᠨ ᠨᠢᠭᠡᠬᠡᠨ ᠬᠤᠪᠢ ᠶ᠋ᠢᠨ ᠲᠡᠳᠦᠢ ᠶ᠋ᠢ ᠲᠣᠭᠠᠴᠢᠵᠤ᠂ ᠲᠥᠬᠥᠭᠡ ᠲᠣᠮᠣᠭᠠᠲᠠᠢᠬᠠᠨ ᠢ᠋ ᠠᠨᠤ ᠲᠣᠪᠬᠢᠵᠤ ᠭᠠᠷᠭᠠᠭᠰᠠᠨ ᠠᠨᠤ ᠪᠤᠶᠤ᠃ ᠡᠮᠦᠨ᠎ᠡ ᠵᠠᠮ ᠤ᠋ᠨ ᠬᠢᠲᠠᠳ ᠤ᠋ᠨ ᠲᠦᠰᠢᠮᠡᠯ ᠵᠠᠩᠵᠤᠨ ᠨᠠᠷ ᠤ᠋ᠨ ᠢᠷᠡᠵᠦ ᠳᠠᠭᠠᠭᠰᠠᠨ ᠠᠷᠪᠠᠨ ᠨᠡᠷ᠎ᠡ ᠶ᠋ᠢᠨ ᠳᠣᠲᠣᠷ᠎ᠠ ᠡᠭᠡᠭᠦᠯᠵᠦ ᠢᠯᠡᠭᠡᠭᠰᠡᠨ ᠳᠥᠷᠪᠡᠨ ᠨᠡᠷ᠎ᠡ᠂ ᠭᠦᠸᠧ ᠪᠤᠤ ᠢᠦᠢ᠂ ᠰᠢᠮᠤ ᠮᠢᠩᠭᠠᠨ᠂ ᠵᠠᠩ ᠵᠢᠩ᠂ ᠵᠧᠦ ᠶ᠋ᠢᠨ ᠡᠨᠡ ᠳᠥᠷᠪᠡ᠃ ᠵᠢᠴᠢ ᠯᠢᠶᠣᠣ ᠳ᠋ᠦᠩ ᠦ᠋ᠨ ᠶᠧ ᠯᠢᠦᠢ ᠯᠢᠦ ᠬᠸ ᠦ᠋ᠨ ᠤᠷᠤᠭ ᠤ᠋ᠨ ᠳᠡᠭᠦᠦ᠂ ᠢᠳᠡᠲᠡᠢ ᠵᠠᠩᠵᠤᠨ ᠳ᠋ᠤᠷ ᠮᠥᠨ ᠬᠦᠨᠳᠦ ᠪᠡᠷ ᠱᠠᠩᠨᠠᠵᠤ᠂ ᠬᠠᠷᠢᠭᠤ ᠵᠠᠭᠤᠨ ᠠᠭᠲᠠ ᠶ᠋ᠢᠨ ᠪᠡᠯᠡᠭ ᠬᠦᠷᠲᠡᠭᠡᠨ᠂ ᠲᠤᠰ ᠲᠤᠰ ᠲᠠᠭᠠᠨ ᠥᠪᠡᠷ ᠥᠪᠡᠷ ᠦ᠋ᠨ ᠦᠢᠯᠡᠰ ᠢ᠋ᠶ᠋ᠡᠨ ᠬᠢᠴᠢᠶᠡᠯᠴᠡᠨ ᠪᠡᠯᠡᠳᠬᠡᠯᠴᠡᠵᠦ᠂ ᠮᠠᠨ ᠤ᠋ ᠮᠣᠩᠭᠣᠯ ᠤ᠋ᠨ ᠴᠡᠷᠢᠭ᠂ ᠡᠮᠦᠨ᠎ᠡ ᠵᠦᠭ ᠳᠠᠢᠯᠠᠨ ᠣᠷᠣᠬᠤ ᠮᠡᠳᠡᠭᠡ ᠴᠢᠮᠡᠭᠡ ᠪᠠ ᠴᠠᠭ ᠦᠶᠡᠰ ᠢ᠋ ᠬᠢᠴᠢᠶᠡᠩᠭᠦᠢᠯᠡᠨ ᠬᠦᠯᠢᠶᠡᠯᠴᠡᠭᠲᠦᠨ ᠬᠡᠮᠡᠪᠡᠢ᠃ 
       ᠡᠨᠡ ᠤᠯᠠᠭᠠᠨ ᠪᠠᠷᠰ ᠵᠢᠯ ᠡᠴᠡ ᠳᠣᠷᠣᠭᠰᠢ ᠲᠠᠪᠤᠨ ᠣᠨ ᠤ᠋ ᠡᠴᠦᠰ ᠲᠦ᠍ᠷ ᠡᠷᠬᠡ ᠦᠭᠡᠢ ᠲᠠᠨ ᠲᠠᠨ ᠤ᠋ ᠬᠢᠴᠢᠶᠡᠯᠭᠡ ᠵᠢᠳᠬᠦᠯᠭᠡ ᠲᠣᠳᠤᠷᠬᠠᠶ᠎ᠠ ᠢᠯᠡᠷᠡᠬᠦ ᠴᠠᠭ ᠪᠣᠢ ᠬᠡᠮᠡᠪᠡᠢ᠃ ᠡᠮᠦᠨ᠎ᠡ ᠬᠢᠵᠠᠭᠠᠷ᠎ᠠ ᠱᠢ ᠲᠢᠶᠠᠨ ᠴᠢᠶᠠᠩ᠂ ᠰᠢᠶᠣᠤ ᠶᠧ ᠰᠢᠶᠠᠨ᠂ ᠠ ᠰᠢᠨ ᠨᠠ᠂ ᠯᠢᠦ ᠹᠦ᠂ ᠲᠦᠩ ᠵᠢᠶᠦ᠋ᠨ ᠲᠠᠪᠤᠭᠤᠯᠠ ᠶ᠋ᠢ ᠢᠯᠡ ᠳ᠋ᠦ᠍ᠷ ᠠᠯᠲᠠᠨ ᠤ᠋ ᠬᠠᠷᠠᠭᠤᠯ᠃ ᠳᠠᠯᠳᠠ ᠳ᠋ᠤᠷ ᠮᠣᠩᠭᠣᠯ ᠤ᠋ᠨ ᠮᠠᠨᠠᠭᠤᠯ ᠪᠣᠯᠤᠨ ᠰᠠᠭᠤᠵᠤ ᠴᠢᠳᠠᠪᠠᠰᠤ ᠴᠢᠷᠮᠠᠢᠨ ᠡᠶᠡᠯᠡᠵᠦ ᠰᠠᠭᠤᠭᠲᠤᠨ᠃ ᠴᠢᠬᠤᠯᠳᠠᠪᠠᠰᠤ ᠴᠡᠷᠢᠭ ᠠᠪᠤᠷ᠎ᠠ ᠢᠷᠡᠭᠲᠦᠨ ᠭᠡᠮᠡᠨ ᠴᠡᠷᠢᠭ ᠦ᠋ᠨ ᠶᠡᠬᠡ ᠵᠢᠨᠦᠩ ᠮᠤᠬᠤᠯᠢ ᠶ᠋ᠢᠨ ᠬᠠᠷ᠎ᠠ ᠡᠪᠡᠷ ᠦ᠋ᠨ ᠨᠠᠷᠢᠨ ᠮᠡᠳᠡᠭᠡᠨ ᠦ᠌ ᠪᠢᠴᠢᠭ ᠦ᠋ᠨ ᠣᠷᠢᠶᠠᠳᠠᠰᠤ ᠶ᠋ᠢ ᠠᠪᠤᠯᠴᠠᠨ ᠶᠠᠪᠤᠪᠠᠢ᠃ ᠤᠳᠠᠭᠰᠠᠨ ᠦᠭᠡᠢ ᠲᠦᠩ ᠯᠢᠩ ᠲᠦᠰᠢᠮᠡᠯ ᠱᠢ ᠲᠢᠶᠠᠨ ᠴᠢᠶᠠᠩ ᠨᠠᠷ ᠤ᠋ᠨ ᠡᠮᠦᠨᠡᠲᠦ ᠰᠥᠩ ᠤᠯᠤᠰ ᠂ ᠳᠤᠮᠳᠠᠳᠤ ᠠᠯᠲᠠᠨ ᠤᠯᠤᠰ ᠬᠣᠶᠠᠷ ᠤ᠋ᠨ ᠴᠢᠬᠤᠯᠠ ᠬᠡᠷᠡᠭ ᠦ᠋ᠳ ᠢ᠋ ᠵᠦᠢᠯ ᠵᠢᠭᠰᠠᠭᠠᠨ ᠠᠢᠯᠠᠳᠬᠠᠵᠤ ᠢᠷᠡᠭᠰᠡᠨ ᠢᠨᠤ : 
      《ᠨᠢᠳᠤᠨᠤᠨ ᠵᠢᠯ ᠰᠥᠩ ᠤᠯᠤᠰ ᠤ᠋ᠨ ᠵᠠᠯᠢᠬᠠᠢ ᠴᠧᠩᠰᠢᠶᠠᠩ ᠬᠠᠨ ᠲᠦᠸᠧ ᠵᠧᠦ᠂ ᠳᠤᠮᠳᠠᠳᠤ ᠠᠯᠲᠠᠨ ᠤᠯᠤᠰ ᠢ᠋ ᠭᠡᠨᠡᠳᠡᠭᠦᠯᠦᠨ ᠲᠠᠢᠯᠠᠰᠤᠭᠠᠢ ᠭᠡᠮᠡᠨ ᠬᠠᠭᠤᠷᠮᠠᠭ ᠢ᠋ᠶ᠋ᠠᠷ ᠠᠷᠭᠠᠳᠠᠵᠤ᠂ ᠡᠨᠡ ᠵᠢᠯ ᠰᠥᠩ ᠤᠯᠤᠰ ᠰᠠᠶᠢ ᠴᠡᠷᠢᠭ ᠬᠥᠳᠡᠯᠰᠦᠭᠡᠢ ᠬᠡᠮᠡᠲᠡᠯ᠎ᠡ ᠬᠣᠶᠠᠷ ᠰᠠᠷ᠎ᠠ ᠶ᠋ᠢᠨ ᠰᠢᠨ᠎ᠡ ᠶ᠋ᠢᠨ ᠬᠣᠶᠠᠷ᠎ᠠ᠂ ᠰᠥᠩ ᠤᠯᠤᠰ ᠤ᠋ᠨ ᠨᠡᠢᠰᠯᠡᠯ᠂ ᠯᠢᠨ ᠠᠨ ᠪᠠᠯᠭᠠᠰᠤᠨ ᠤ᠋ ᠨᠢᠩᠽᠥ᠋ᠩ ᠬᠠᠭᠠᠨ ᠤ᠋ ᠳᠣᠲᠣᠭᠠᠳᠤ ᠣᠷᠳᠣᠨ ᠤ᠋ ᠳᠡᠭᠦᠨᠦ ᠡᠮᠡᠭᠡ ᠡᠬᠡ ᠲᠡᠢ ᠬᠤᠸᠠᠩ ᠲᠠᠢᠬᠡᠦ ᠶ᠋ᠢᠨ ᠰᠠᠭᠤᠬᠤ ᠱᠧᠦ ᠼᠧ ᠬᠦᠩ ᠬᠡᠮᠡᠬᠦ ᠣᠷᠳᠣᠨ ᠠᠨᠤ ᠲᠡᠭᠷᠢ ᠶ᠋ᠢᠨ ᠭᠠᠯ ᠳ᠋ᠤᠷ ᠰᠢᠲᠠᠭᠳᠠᠵᠤ᠂ ᠭᠤᠷᠪᠠᠨ ᠡᠳᠦᠷ ᠭᠤᠷᠪᠠᠨ ᠰᠥᠨᠢ ᠬᠥᠭᠵᠢᠨ ᠨᠣᠴᠣᠵᠤ᠂ ᠶᠡᠬᠡ ᠪᠠᠭ᠎ᠠ ᠤᠷᠲᠤ ᠬᠠᠷᠰᠢ ᠬᠡᠳᠦᠨ ᠮᠢᠩᠭᠠᠨ ᠵᠢᠶᠠᠨ ᠠᠪᠲᠠᠵᠤ᠂ ᠤᠯᠤᠰ ᠤ᠋ᠨ ᠡᠬᠢ ᠲᠡᠷᠢᠭᠦᠨ ᠠᠪᠲᠠᠪᠠ ᠭᠡᠮᠡᠨ ᠰᠠᠶᠢ ᠴᠡᠷᠢᠭ ᠢ ᠵᠣᠭᠰᠣᠵᠤ᠂ ᠮᠥᠨ ᠬᠣᠶᠠᠷ ᠰᠡᠷᠡᠳᠡ ᠬᠠᠨ ᠲᠦᠸᠧ ᠵᠧᠦ᠂ ᠪᠤᠷᠤᠭᠤ ᠪᠠᠨ ᠬᠤᠴᠢᠵᠤ᠂ ᠴᠢᠬᠡᠴᠢ ᠰᠠᠢᠳ ᠴᠧᠩ ᠰᠥᠩ ᠬᠡᠮᠡᠭᠴᠢ ᠱᠢ ᠯᠠᠩ ᠲᠦᠰᠢᠮᠡᠯ ᠢ ᠪᠠᠷᠠᠭᠤᠨ ᠰᠧ ᠴᠤᠸᠠᠨ ᠮᠣᠵᠢ ᠶ᠋ᠢᠨ ᠪᠦᠬᠦᠨ ᠢ᠋ ᠵᠠᠬᠢᠷᠬᠤ᠂ ᠰᠢᠦᠸᠠᠨ ᠹᠦ ᠱᠢ ᠲᠦᠰᠢᠮᠡᠯ ᠲᠠᠯᠪᠢᠵᠤ ᠢᠯᠡᠭᠡᠬᠦᠢ ᠳ᠋ᠡᠭᠡᠨ ᠪᠠᠰᠠ ᠥᠪᠡᠷ ᠦ᠋ᠨ ᠵᠠᠯᠢᠬᠠᠢ ᠶ᠋ᠢᠨ ᠵᠥᠪᠯᠡᠯ ᠦ᠋ᠨ ᠳᠣᠲᠣᠷ᠎ᠠ ᠪᠦᠬᠦᠢ ᠡᠦ ᠰᠢ ᠬᠡᠮᠡᠭᠴᠢ ᠶ᠋ᠢ ᠳᠡᠳ᠋ ᠰᠠᠢᠳ ᠪᠣᠯᠭᠠᠨ ᠬᠠᠮᠲᠤ ᠢᠯᠡᠭᠡᠭᠰᠡᠨ ᠳ᠋ᠦ᠍ᠷ ᠴᠢᠬᠡᠴᠢ ᠱᠢ ᠯᠠᠩ᠂ ᠴᠧᠩ ᠰᠥᠩ ᠳᠣᠲᠣᠷ᠎ᠠ ᠪᠠᠨ ᠰᠡᠮᠡᠬᠡᠷ ᠢᠨᠢᠶᠡᠨ᠂ ᠡᠦ ᠰᠢ ᠶ᠋ᠢᠨ ᠢᠯᠡᠷᠬᠡᠢ ᠬᠡᠷᠡᠴᠢᠲᠦ ᠶᠠᠯ᠎ᠠ ᠶ᠋ᠢ ᠠᠨᠤ ᠡᠷᠢᠵᠦ ᠪᠠᠷᠢᠭᠠᠳ᠂ ᠠᠯᠠᠵᠤ ᠠᠷᠢᠯᠭᠠᠰᠤᠭᠠᠢ ᠬᠡᠮᠡᠬᠦ ᠶ᠋ᠢ ᠬᠤᠯᠠᠭᠠᠢ ᠬᠥᠮᠦᠨ ᠬᠤᠢᠬᠤᠷ ᠤᠬᠠᠭᠠᠨ ᠢ᠋ᠶ᠋ᠠᠷ ᠤᠬᠠᠵᠤ ᠮᠡᠳᠡᠭᠡᠳ᠂ ᠲᠦᠰᠢᠮᠡᠯ ᠦ᠋ᠨ ᠭᠠᠵᠠᠷ ᠤ᠋ᠨ ᠡᠯ᠎ᠡ ᠵᠦᠢᠯ ᠢ᠋ ᠡᠪᠬᠡᠨ ᠠᠪᠴᠤ᠂ ᠬᠠᠨ ᠲᠦᠸᠧ ᠵᠧᠦ ᠶ᠋ᠢ ᠡᠷᠢᠵᠦ ᠡᠴᠢᠭᠰᠡᠨ ᠳ᠋ᠦ᠍ᠷ ᠬᠠᠨ ᠲᠦᠸᠧ ᠵᠧᠦ᠂ ᠡᠦ ᠰᠢ ᠶ᠋ᠢᠨ ᠲᠠᠪᠠ ᠶ᠋ᠢ ᠠᠰᠠᠭᠤᠵᠤ᠂ ᠲᠡᠭᠦᠨ ᠦ᠌ ᠵᠢᠭᠠᠭᠰᠠᠨ ᠢ᠋ᠶ᠋ᠠᠷ ᠡᠦ ᠰᠢ ᠶ᠋ᠢ ᠱᠠᠨ ᠰᠢ ᠮᠣᠵᠢ ᠶ᠋ᠢᠨ ᠾᠧ ᠳ᠋ᠦᠩ ᠦ᠋ᠨ ᠰᠢᠦᠸᠠᠨ ᠹᠦ ᠱᠢ ᠪᠣᠯᠭᠠᠨ ᠵᠣᠩᠬᠢᠯᠠᠨ ᠲᠡᠷᠢᠭᠦᠯᠡᠭᠦᠯᠪᠡ᠃ ᠠᠯᠲᠠᠨ ᠤᠯᠤᠰ ᠯᠤᠭ᠎ᠠ ᠡᠷᠬᠡᠪᠰᠢ ᠲᠡᠢᠨ ᠳᠡᠭᠳᠡᠭᠡᠬᠦ ᠡᠭᠦᠰᠬᠡᠯ ᠡᠨᠡ ᠨᠢᠭᠡ᠃ ᠵᠢᠴᠢ ᠪᠠᠰᠠ ᠮᠥᠨ ᠰᠥᠩ ᠤᠯᠤᠰ ᠤ᠋ᠨ ᠨᠢᠭᠡᠨ ᠲᠥᠷᠥ ᠳ᠋ᠦ᠍ᠷ ᠬᠠᠮᠲᠤ ᠶᠠᠪᠤᠬᠤ ᠱᠣ ᠮᠢ ᠲᠦᠰᠢᠮᠡᠯ᠂ ᠭᠣᠣᠯᠴᠢ ᠴᠢᠬᠡᠴᠢ ᠰᠠᠢᠳ ᠴᠢᠶᠠᠨ ᠰᠢᠶᠠᠩ ᠽᠦ᠍ ᠬᠡᠮᠡᠭᠴᠢ ᠪᠡᠷ ᠬᠠᠷᠭᠢᠰ ᠬᠠᠨ ᠲᠦᠸᠧ ᠵᠧᠦ ᠂ ᠠᠯᠲᠠᠨ ᠤᠯᠤᠰ ᠢ᠋ ᠳᠠᠢᠯᠠᠬᠤ ᠪᠠᠷ ᠰᠢᠯᠲᠠᠭ ᠪᠣᠯᠭᠠᠨ ᠶᠡᠬᠡ ᠴᠡᠷᠢᠭ ᠪᠠᠢᠭᠤᠯᠵᠤ᠂ ᠬᠦᠨᠳᠦ ᠡᠷᠬᠡ ᠶ᠋ᠢ ᠪᠠᠷᠢᠭᠠᠳ ᠥᠪᠡᠷᠦᠨ ᠤᠯᠤᠰ ᠲᠥᠷᠥ ᠶ᠋ᠢᠨ ᠳᠡᠭᠦᠨᠦ ᠡᠷᠬᠡ ᠲᠠᠪᠠ ᠪᠠᠷ ᠦᠯᠦ ᠶᠠᠪᠤᠬᠤ ᠲᠥᠪ ᠰᠢᠳᠤᠷᠭᠤ ᠪᠤᠰᠤᠳ ᠰᠠᠢᠳ ᠲᠦᠰᠢᠮᠡᠳ ᠢ᠋ ᠠᠶᠤᠯᠭᠠᠨ ᠳᠠᠷᠤᠩᠭᠤᠢᠯᠠᠵᠤ᠂ ᠡᠷᠲᠡᠨ ᠦ᠌ ᠭᠤᠷᠪᠠᠨ ᠤᠯᠤᠰ ᠤ᠋ᠨ ᠦᠶ᠎ᠡ ᠶ᠋ᠢᠨ ᠬᠠᠨ ᠰᠢᠶᠠᠨ ᠳᠢ ᠬᠠᠭᠠᠨ ᠤ᠋ ᠬᠠᠷᠭᠢᠰ ᠴᠧᠩᠰᠢᠶᠠᠩ ᠼᠤᠤ ᠼᠤᠤ ᠮᠡᠲᠦ ᠡᠵᠡᠷᠬᠡᠨ ᠡᠵᠡᠳᠡᠰᠦᠭᠡᠢ ᠬᠡᠮᠡᠬᠦ ᠨᠠᠮ ᠬᠣᠷᠰᠢᠶ᠎ᠠ ᠳ᠋ᠤᠷ ᠠᠨᠤ ᠴᠢᠶᠠᠨ ᠰᠢᠶᠠᠩ ᠽᠦ᠍ ᠬᠡᠷᠬᠢᠪᠡᠴᠦ ᠣᠷᠣᠬᠤ ᠦᠭᠡᠢ ᠳ᠋ᠦ᠍ᠷ ᠬᠠᠨ ᠲᠦᠸᠧ ᠵᠧᠦ ᠰᠢᠭᠤᠳ ᠴᠢᠶᠠᠨ ᠰᠢᠶᠠᠩ ᠽᠦ᠍ ᠶ᠋ᠢ   《ᠵᠠᠯᠢᠬᠠᠢ ᠵᠢᠰᠤᠷ ᠢ᠋ ᠨᠢᠭᠤᠨ ᠡᠪᠦᠷᠯᠡᠵᠦ᠂ ᠤᠯᠤᠰ ᠲᠥᠷᠥ ᠶ᠋ᠢᠨ ᠡᠭᠦᠷᠢ ᠤᠷᠲᠤ ᠶ᠋ᠢᠨ ᠵᠠᠰᠠᠭ ᠤ᠋ᠨ ᠦᠢᠯᠡ ᠳ᠋ᠦ᠍ᠷ ᠣᠷᠣᠭᠰᠢ ᠵᠢᠳᠬᠦᠨ ᠴᠢᠷᠮᠠᠢᠬᠤ ᠦᠭᠡᠢ ᠪᠡᠷ ᠦᠯᠦ ᠪᠠᠷᠠᠮ᠂ ᠳᠠᠯᠳᠠ ᠡᠴᠢᠨ᠎ᠡ ᠭᠠᠵᠠᠷ᠎ᠠ ᠲᠥᠷᠥ ᠶ᠋ᠢᠨ ᠰᠤᠯᠠ ᠰᠠᠢᠳ ᠲᠦᠰᠢᠮᠡᠳ ᠢ᠋ ᠡᠷᠭᠢᠭᠦᠦ ᠲᠣᠭᠣᠷᠢᠭᠤ ᠦᠭᠡ ᠪᠡᠷ ᠤᠳᠤᠷᠢᠳᠤᠨ ᠤᠯᠤᠰ ᠭᠡᠷ ᠲᠦ᠍ᠷ ᠵᠢᠳᠬᠦᠭᠴᠢ ᠠᠷᠠᠳ ᠢ᠋ ᠬᠣᠣᠷᠯᠠᠨ ᠤᠯᠤᠰ ᠤ᠋ᠨ ᠬᠦᠴᠦᠨ ᠢ᠋ ᠮᠣᠬᠣᠷᠠᠭᠤᠯᠤᠮᠤᠢ 》ᠭᠡᠮᠡᠨ ᠬᠣᠴᠢᠯᠠᠨ ᠠᠢᠯᠠᠳᠬᠠᠵᠤ᠂ ᠳᠣᠲᠣᠭᠠᠳᠤ ᠶᠠᠮᠤᠨ ᠪᠠ ᠭᠠᠳᠠᠭᠠᠳᠤ ᠮᠣᠵᠢ ᠶ᠋ᠢᠨ ᠬᠣᠶᠠᠷ ᠡᠲᠡᠭᠡᠳ ᠦ᠋ᠨ ᠤᠭ ᠲᠤᠰᠢᠶᠠᠯ ᠳ᠋ᠤᠷ ᠠᠨᠤ ᠴᠥᠮ ᠪᠠᠢᠯᠭᠠᠬᠤ ᠦᠭᠡᠢ ᠪᠡᠷ ᠳᠡᠭᠦᠨᠦ ᠤᠭ ᠬᠠᠭᠤᠴᠢᠨ ᠰᠢᠶᠠᠨ ᠵᠧᠦ ᠭᠠᠵᠠᠷ ᠲᠤᠷ ᠠᠨᠤ ᠰᠤᠯᠠ ᠢᠷᠭᠡᠨ ᠪᠣᠯᠭᠠᠨ ᠢᠯᠡᠭᠡᠵᠦ᠂ ᠳᠢ ᠹᠠᠩ ᠭᠤᠸᠠᠨ - ᠭᠠᠵᠠᠷ ᠣᠷᠣᠨ ᠤ᠋ ᠲᠦᠰᠢᠮᠡᠯ ᠳ᠋ᠦ᠍ᠷ ᠢᠨᠤ ᠴᠢᠩᠳᠠᠯᠠᠨ ᠳᠠᠷᠤᠭᠤᠯᠤᠨ ᠲᠤᠰᠢᠶᠠᠯᠭᠠᠪᠠ᠃ ᠡᠨᠡ ᠠᠯᠲᠠᠨ ᠤᠯᠤᠰ ᠯᠤᠭ᠎ᠠ ᠡᠷᠬᠡᠪᠰᠢ ᠲᠡᠢᠨ ᠳᠡᠭᠳᠡᠭᠡᠬᠦ ᠶ᠋ᠢ ᠯᠠᠪᠳᠠ ᠮᠡᠳᠡᠵᠦ ᠪᠣᠯᠬᠤ ᠡᠨᠡ ᠬᠣᠶᠠᠷ᠃ ᠵᠢᠴᠢ ᠪᠠᠰᠠ ᠳ᠋ᠧᠩ ᠢᠦ ᠯᠦᠩ ᠦ᠋ᠨ ᠬᠣᠶᠠᠷ ᠬᠤᠸᠠᠢ ᠶ᠋ᠢᠨ ᠰᠢᠦᠸᠠᠨ ᠹᠦ ᠱᠢ ᠶ᠋ᠢᠨ ᠲᠤᠰᠢᠶᠠᠯ ᠢ᠋ ᠠᠪᠤᠭᠰᠠᠨ ᠨᠢᠭᠡ᠃ ᠲᠡᠭᠦᠨ ᠡᠴᠡ ᠵᠡᠭᠦᠨ ᠪᠠᠷᠠᠭᠤᠨ ᠬᠣᠶᠠᠷ ᠬᠤᠸᠠᠢ ᠶ᠋ᠢᠨ ᠴᠢᠬᠤᠯᠠ ᠭᠠᠵᠠᠷ ᠣᠷᠣᠨ ᠪᠠ ᠴᠡᠷᠢᠭ ᠢᠷᠭᠡᠨ ᠦ᠌ ᠨᠡᠢᠭᠡᠮ ᠲᠣᠪᠴᠢᠶᠠᠨ ᠤ᠋ ᠡᠷᠬᠡ ᠴᠠᠭᠠᠵᠠ ᠶ᠋ᠢ ᠪᠠᠷᠢᠬᠤ ᠰᠢᠦᠸᠠᠨ ᠹᠦ ᠱᠢ ᠲᠦᠰᠢᠮᠡᠯ ᠦ᠋ᠨ ᠡᠷᠬᠡ ᠶ᠋ᠢ ᠶᠦᠸᠠᠢ ᠴᠥᠩ ᠳ᠋ᠦ᠍ᠷ ᠪᠠᠷᠢᠭᠤᠯᠪᠠ᠃ ᠠᠯᠲᠠᠨ ᠤᠯᠤᠰ ᠯᠤᠭ᠎ᠠ ᠮᠠᠭᠠᠳ ᠢ᠋ᠶ᠋ᠠᠷ ᠲᠡᠢᠨ ᠳᠡᠭᠳᠡᠭᠡᠬᠦ ᠯᠠᠪ ᠴᠠᠪ ᠪᠠᠢᠳᠠᠯ ᠲᠥᠯᠥᠪ ᠢᠨᠤ ᠨᠢᠭᠡᠨᠲᠡ ᠢᠯᠡᠷᠡᠭᠰᠡᠨ ᠢᠨᠤ ᠡᠨᠡ ᠪᠠᠰᠠ ᠨᠢᠭᠡ᠃ ᠡᠢᠮᠦ ᠭᠤᠷᠪᠠᠨ ᠵᠦᠢᠯ ᠦ᠋ᠨ ᠲᠣᠳᠣᠷᠬᠠᠢ ᠲᠥᠯᠥᠪ ᠪᠣᠢ ᠶ᠋ᠢᠨ ᠲᠤᠯᠠ ᠪᠣᠭᠳᠠ ᠡᠵᠡᠨ᠂ ᠠᠯᠲᠠᠨ ᠤᠯᠤᠰ ᠤ᠋ᠨ ᠡᠮᠦᠨᠡᠰᠢ ᠲᠤᠯᠬᠤ ᠬᠡᠪᠴᠢᠶᠡᠨ ᠳ᠋ᠦ᠍ᠷ ᠨᠡᠢᠴᠡᠭᠦᠯᠵᠦ ᠤᠮᠠᠷ᠎ᠠ ᠠ᠋ᠴᠠ ᠨᠤᠮᠤ ᠵᠡᠪᠡ ᠬᠥᠳᠡᠯᠭᠡᠮᠡᠭᠴᠡ ᠠᠯᠲᠠᠨ ᠤᠯᠤᠰ ᠤ᠋ᠨ ᠬᠣᠢᠲᠤ ᠬᠠᠭᠠᠰ ᠢ᠋ ᠪᠦᠬᠦᠯᠢ ᠪᠡᠷ ᠣᠯᠪᠠᠰᠤ ᠪᠣᠯᠬᠤ ᠶ᠋ᠢ ᠴᠡᠷᠢᠭ ᠦ᠋ᠨ ᠡᠵᠡᠨ ᠶᠡᠬᠡ ᠵᠢᠨᠦᠩ ᠲᠠᠢᠪᠤᠤ᠂ ᠨᠠᠷᠢᠪᠴᠢᠯᠠᠨ ᠠᠢᠯᠠᠳᠬᠠᠵᠤ᠂ ᠬᠢᠴᠢᠶᠡᠪᠡᠰᠦ ᠵᠣᠬᠢᠬᠤ ᠮᠡᠲᠦ 》ᠬᠡᠮᠡᠵᠦᠬᠦᠢ᠃ ᠶᠡᠬᠡ ᠵᠢᠨᠦᠩ ᠲᠠᠢᠪᠤᠤ ᠮᠤᠬᠤᠯᠢ ᠦᠵᠡᠭᠰᠡᠭᠡᠷ᠂ ᠲᠣᠯᠣᠭᠠᠢ ᠰᠠᠵᠢᠯᠬᠢᠯᠠᠨ ᠱᠠᠭᠰᠢᠨ ᠭᠠᠢᠬᠠᠵᠤ ᠥᠭᠦᠯᠡᠷᠦᠨ : 
      《ᠦᠨᠡᠬᠡᠷ ᠡᠮᠦᠨᠡᠲᠦ ᠭᠠᠵᠠᠷ ᠤ᠋ᠨ ᠠᠭᠤᠯᠠ ᠤᠰᠤᠨ ᠤ᠋ ᠭᠡᠭᠡᠬᠡᠨ ᠨᠡᠪᠲᠡᠷᠬᠡᠢ᠂ ᠨᠠᠷᠢᠨ ᠨᠢᠭᠲᠠ ᠪᠣᠳᠣᠯᠭ᠎ᠠ ᠤᠬᠠᠭᠠᠨ ᠬᠡᠮᠡᠪᠡᠰᠦ ᠪᠣᠯᠤᠮᠤᠢ 》ᠬᠡᠮᠡᠵᠦ᠂ ᠵᠢᠴᠢ ᠥᠷᠯᠥᠭᠡ ᠶ᠋ᠢᠨ ᠲᠥᠷᠥ ᠳ᠋ᠦ᠍ᠷ ᠭᠠᠷᠴᠤ᠂ ᠲᠠᠪᠤᠨ ᠲᠠᠢᠰᠢ᠂ ᠳᠥᠷᠪᠡᠨ ᠴᠧᠩᠰᠢᠶᠠᠩ ᠂ ᠸᠠᠩ ᠰᠠᠢᠳ ᠤ᠋ᠳ ᠯᠤᠭ᠎ᠠ ᠨᠠᠷᠢᠪᠴᠢᠯᠠᠨ ᠵᠥᠪᠯᠡᠵᠦ᠂ ᠢᠯᠡᠷᠬᠡᠢᠯᠡᠨ ᠲᠣᠳᠣᠷᠬᠠᠢᠯᠠᠵᠤ᠂ ᠲᠠᠢᠯᠤᠨ ᠠᠢᠯᠠᠳᠬᠠᠭᠰᠠᠨ ᠳ᠋ᠤᠷ ᠲᠠᠢᠽᠦ ᠴᠢᠩᠭᠢᠰ ᠬᠠᠭᠠᠨ ᠢ᠋ᠶ᠋ᠠᠷ ᠨᠠᠷᠢᠪᠴᠢᠯᠠᠨ ᠠᠢᠯᠠᠳᠤᠨ ᠰᠣᠨᠣᠰᠴᠤ᠂ ᠪᠠᠶᠠᠰᠬᠤᠯᠠᠩ ᠳᠦᠷᠢ ᠪᠡᠷ ᠮᠤᠬᠤᠯᠢ ᠶ᠋ᠢᠨ ᠵᠦᠭ ᠵᠠᠷᠯᠢᠭ ᠪᠣᠯᠤᠷᠤᠨ : 
      《ᠬᠡᠷᠡᠭ ᠪᠦᠷᠢ ᠳ᠋ᠦ᠍ᠷ ᠬᠡᠪᠴᠢᠶᠡᠨ ᠪᠠᠢᠬᠤ ᠠᠨᠤ ᠬᠥᠮᠦᠨ ᠲᠥᠷᠥᠯᠬᠢᠲᠡᠨ ᠦ᠌ ᠮᠡᠷᠭᠡᠨ ᠤᠬᠠᠮᠵᠢᠯᠠᠯ ᠢ᠋ᠶ᠋ᠠᠷ ᠠᠪᠠᠴᠢᠬᠤ᠂ ᠬᠡᠪᠴᠢᠶᠡᠨ ᠪᠦᠬᠦᠨ᠎ᠡ ᠬᠡᠰᠢᠭ ᠲᠡᠢ ᠠᠭᠤᠯᠵᠠᠬᠤ ᠠᠨᠤ ᠳᠡᠭᠡᠳᠦ ᠲᠡᠭᠷᠢ ᠶ᠋ᠢᠨ ᠴᠠᠭ ᠬᠡᠮᠵᠢᠶ᠎ᠡ ᠢᠨᠦ ᠪᠤᠶᠤ᠃ ᠬᠡᠨ ᠬᠥᠮᠦᠨ ᠢ᠋ᠶ᠋ᠡᠷ ᠪᠤᠰᠤᠳ ᠬᠥᠮᠦᠨ ᠦ᠌ ᠠᠷᠤ ᠶ᠋ᠢᠨ ᠬᠣᠢᠲᠤᠬᠢ ᠶ᠋ᠢ ᠤᠷᠲᠤᠳᠠ ᠦᠵᠡᠬᠦ ᠦᠭᠡᠢ ᠪᠣᠢ ᠠᠵᠠᠢ ?  ᠬᠢᠴᠢᠶᠡᠬᠦ ᠢᠨᠦ ᠬᠥᠮᠦᠨ ᠪᠦᠬᠦᠨ ᠥᠪᠡᠷᠦᠨ ᠪᠡᠶ᠎ᠡ ᠶ᠋ᠢᠨ ᠠᠷᠤ ᠶ᠋ᠢᠨ ᠬᠣᠢᠲᠤᠬᠢ ᠪᠠᠨ ᠦᠯᠦ ᠦᠵᠡᠬᠦ ᠢᠨᠤ ᠬᠡᠴᠡᠭᠦᠦ ᠪᠣᠯᠠᠢ 》ᠬᠡᠮᠡᠭᠰᠡᠨ ᠳ᠋ᠦ᠍ᠷ ᠬᠢᠴᠢᠶᠡᠬᠦ ᠡᠷᠳᠡᠮᠲᠦ ᠵᠢᠨᠦᠩ ᠮᠤᠬᠤᠯᠢ ᠬᠡᠲᠦᠷᠬᠡᠶ᠎ᠡ ᠪᠠᠶᠠᠷᠯᠠᠵᠤ ᠮᠥᠷᠭᠥᠵᠦ ᠠᠢᠯᠠᠳᠬᠠᠷᠤᠨ : 
         ᠠᠯᠲᠠᠨ ᠤᠯᠤᠰ ᠤ᠋ᠨ ᠠᠷᠤ ᠶ᠋ᠢᠨ ᠬᠣᠢᠳᠠ ᠠᠬᠤ ᠮᠠᠨ ᠤ᠋ ᠮᠣᠩᠭᠣᠯ ᠤᠯᠤᠰ ᠠᠮᠤᠢ ᠬᠡᠮᠡᠬᠦᠢ ᠳ᠋ᠦ᠍ᠷ  
         ᠠᠬᠤ ᠮᠠᠨ ᠤ᠋ ᠠᠷᠤ ᠶ᠋ᠢᠨ ᠬᠣᠢᠲᠠ ᠪᠠᠰᠠ ᠠᠪᠠᠭ᠎ᠠ ᠪᠠᠨ ᠠᠯᠠᠭᠰᠠᠨ ᠨᠠᠢ᠍ᠮᠠᠨ ᠤᠯᠤᠰ ᠪᠣᠢ ᠪᠦᠬᠦᠢ ᠶ᠋ᠢ     
         ᠠᠢᠯᠠᠳᠤᠭᠴᠢ ᠪᠣᠭᠳᠠ ᠶ᠋ᠢᠨ ᠠᠰᠢᠳᠠ ᠶ᠋ᠢᠨ ᠰᠡᠳᠬᠢᠬᠦᠢ ᠳ᠋ᠦ᠍ᠷ        
         ᠰᠠᠢᠳ ᠤ᠋ᠳ ᠪᠢᠳᠡ ᠦᠨᠡᠬᠡᠷ ᠬᠦᠷᠬᠦ ᠦᠭᠡᠢ ᠦᠨᠡᠨ᠃ 
       ᠠᠯᠲᠠᠨᠱᠠᠭ᠎ᠠ ᠬᠦᠩ᠂ ᠰᠣᠯᠤᠩᠭᠤᠸ᠎ᠠ ᠭᠦᠩᠵᠦ ᠬᠣᠶᠠᠷ ᠤᠳᠠᠭ᠎ᠠ᠂ ᠲᠡᠢᠨ ᠯᠤᠭ᠎ᠠ ᠲᠤᠯᠤᠭᠰᠠᠨ ᠢ᠋ᠶ᠋ᠠᠨ ᠢᠯᠡᠷᠬᠡᠢᠯᠡᠨ ᠠᠢᠯᠠᠳᠬᠠᠵᠤᠬᠤᠢ᠃ ᠤᠷᠢᠳᠤ ᠤᠳᠠᠭ᠎ᠠ ᠶ᠋ᠢᠨ ᠪᠣᠭᠳᠠ ᠶ᠋ᠢᠨ ᠵᠠᠷᠯᠢᠭ ᠬᠣᠶᠠᠷ ᠤᠳᠠᠭ᠎ᠠ ᠪᠠᠭᠤᠵᠤ ᠵᠠᠷᠯᠠᠨ ᠲᠣᠭᠲᠠᠭᠠᠭᠰᠠᠨ ᠠᠨᠤ᠂ ᠣᠨᠴᠠ ᠡᠷᠬᠡᠪᠰᠢ ᠬᠠᠭᠠᠨ ᠤ᠋ ᠭᠡᠭᠡᠨ ᠦ᠌ ᠶᠡᠬᠡ ᠵᠢᠭᠰᠠᠭᠠᠯ ᠢ᠋ᠶ᠋ᠠᠷ ᠳᠠᠢᠯᠠᠨ ᠲᠦᠪᠰᠢᠳᠬᠡᠬᠦ ᠶ᠋ᠢ ᠵᠥᠪᠳᠡ ᠬᠡᠮᠡᠭᠰᠡᠨ᠎ᠡ ᠂ ᠣᠯᠠᠨ ᠢ᠋ ᠲᠡᠷᠢᠭᠦᠯᠡᠭᠴᠢ ᠲᠡᠢᠰᠢ ᠰᠤᠷᠬᠠᠨ ᠰᠢᠷ᠎ᠠ ᠨᠠᠷ ᠤ᠋ᠨ ᠲᠣᠰᠴᠤ ᠠᠢᠯᠠᠳᠬᠠᠭᠰᠠᠨ ᠨᠤᠭᠤᠯᠪᠤᠷᠢ ᠶ᠋ᠢ ᠤᠬᠠᠮᠵᠢᠯᠠᠨ ᠵᠥᠪᠳᠡᠵᠦ᠂ ᠲᠣᠭᠲᠠᠭᠠᠨ ᠠᠪᠠᠴᠢᠬᠤ ᠲᠤᠩᠭᠠᠯᠠᠭ ᠵᠠᠷᠯᠢᠭ ᠢ᠋ ᠭᠤᠶᠤᠬᠤ ᠠᠨᠤ : 
       ᠤᠭ ᠲᠤᠰᠢᠶᠠᠯ ᠤ᠋ᠨ ᠲᠠᠪᠤᠨ ᠲᠠᠢᠰᠢ ᠶ᠋ᠢᠨ ᠤᠯᠠᠮᠵᠢᠯᠠᠨ ᠠᠢᠯᠠᠳᠬᠠᠭᠰᠠᠨ ᠪᠣᠳᠣᠷᠣᠣᠯ ᠪᠢᠴᠢᠭ ᠦ᠋ᠨ ᠦᠭᠡᠰ ᠢ᠋ ᠣᠶᠤᠨ ᠭᠤᠸ᠎ᠠ ᠲᠠᠢᠹᠦ᠋ ᠲᠦᠰᠢᠮᠡᠯ ᠦ᠋ᠨ ᠡᠷᠭᠦᠨ ᠳᠠᠭᠤᠳᠠᠵᠤ ᠤᠩᠰᠢᠨ ᠠᠢᠯᠠᠳᠬᠠᠭᠰᠠᠨ ᠦᠭᠡᠰ ᠢᠨᠤ᠄ 
       ᠬᠠᠭᠠᠨ ᠡᠵᠡᠨ ᠬᠤᠸᠠᠩᠳᠢ ᠶ᠋ᠢᠨ ᠬᠠᠭᠤᠯᠤᠨ ᠪᠠᠭᠤᠯᠭᠠᠭᠰᠠᠨ ᠤᠯᠤᠰ ᠲᠥᠷᠥ ᠶ᠋ᠢᠨ ᠴᠢᠬᠤᠯᠠ ᠭᠤᠷᠪᠠᠨ ᠵᠦᠢᠯ ᠡᠴᠡ ᠡᠩ ᠲᠡᠷᠢᠭᠦᠨ ᠳ᠋ᠦ᠍ᠷ ᠪᠦᠬᠦᠢ ᠲᠡᠭᠷᠢ ᠶ᠋ᠢᠨ ᠬᠥᠪᠡᠭᠦᠨ ᠤ ᠵᠢᠭᠰᠠᠭᠠᠯ ᠢ᠋ᠶ᠋ᠠᠷ ᠦᠯᠡᠳᠡᠭᠰᠡᠨ ᠨᠠᠢ᠍ᠮᠠᠨ ᠢ᠋ ᠳᠠᠢᠯᠠᠬᠤ ᠨᠢᠭᠡᠨ ᠵᠠᠷᠯᠢᠭ ᠢ᠋ ᠤᠯᠤᠰ ᠤ᠋ᠨ ᠡᠷᠬᠢᠯᠡᠭᠰᠡᠨ ᠰᠠᠢᠳ ᠲᠠᠪᠤᠨ ᠲᠠᠢᠰᠢ᠂ ᠤᠭᠰᠠᠭ᠎ᠠ ᠶ᠋ᠢᠨ ᠨᠠᠢ᠍ᠮᠠᠨ ᠸᠠᠩ ᠨᠣᠶᠠᠳ ᠪᠠ ᠳᠥᠷᠪᠡᠨ ᠴᠧᠩᠰᠢᠶᠠᠩ᠂ ᠭᠤᠷᠪᠠᠨ ᠳᠡᠰ ᠦ᠋ᠨ ᠲᠠᠢᠹᠦ᠋ ᠳ᠋ᠦ᠍ᠷ ᠬᠦᠷᠲᠡᠯ᠎ᠡ ᠪᠦᠭᠦᠳᠡᠭᠡᠷ ᠵᠥᠪᠳᠡᠪᠡᠰᠦ ᠬᠠᠭᠠᠨ ᠡᠵᠡᠨ ᠬᠤᠸᠠᠩᠳᠢ ᠶ᠋ᠢᠨ ᠯᠤᠤ ᠶ᠋ᠢᠨ ᠴᠣᠭᠴᠠ ᠪᠡᠶ᠎ᠡ ᠬᠡᠮᠡᠭᠴᠢ ᠬᠠᠮᠤᠭ ᠤᠯᠤᠰ ᠲᠥᠷᠥ ᠶ᠋ᠢᠨ ᠲᠦᠭ ᠲᠦᠮᠡᠨ ᠦ᠌ ᠣᠷᠣᠢ ᠶ᠋ᠢᠨ ᠴᠢᠮᠡᠭ᠂ ᠲᠡᠷᠢᠭᠦᠨ ᠦ᠌ ᠸᠴᠢᠷ ᠲᠤᠯᠠ ᠬᠤᠸᠠᠩᠳᠢ ᠶ᠋ᠢᠨ ᠭᠡᠭᠡᠨ ᠢ᠋ ᠴᠠᠭ ᠦᠷᠭᠦᠯᠵᠢ ᠬᠦᠨᠳᠦᠳᠬᠡᠨ᠂ ᠡᠳᠦᠷ ᠪᠦᠷᠢ ᠰᠠᠬᠢᠬᠤ ᠰᠠᠬᠢᠭᠤᠯᠰᠤᠨ ᠰᠠᠨᠳᠠᠯᠢ ᠳ᠋ᠤᠷ ᠠᠮᠤᠭᠤᠯᠠᠩ ᠠᠵᠤ᠂ ᠲᠦᠮᠡᠨ ᠲᠦᠮᠡᠨ ᠦ᠌ ᠬᠡᠷᠡᠭ ᠵᠠᠷᠭᠤ ᠶ᠋ᠢ ᠲᠠᠰᠤᠯᠤᠨ ᠰᠢᠳᠬᠡᠵᠦ ᠬᠠᠢᠷᠠᠯᠠᠮᠤᠢ᠃ ᠰᠠᠬᠢᠭᠤᠯᠰᠤᠨ ᠰᠦᠯᠳᠡ ᠤᠷᠲᠤᠳᠠ ᠢᠯᠡᠷᠡᠵᠦ ᠦᠯᠦ ᠪᠣᠯᠤᠮᠤᠢ᠃ ᠯᠤᠤ ᠪᠣᠯᠪᠠᠰᠤ ᠡᠷᠬᠡᠪᠰᠢ ᠵᠤᠵᠠᠭᠠᠨ ᠡᠭᠦᠯᠡ ᠪᠡᠷ ᠪᠡᠶ᠎ᠡ ᠶ᠋ᠢ ᠬᠠᠯᠬᠠᠯᠠᠨ᠂ ᠠᠶᠤᠩᠭ᠎ᠠ ᠴᠠᠬᠢᠯᠭᠠᠨ ᠠ᠋ᠴᠠ ᠦᠯᠦ ᠬᠠᠭᠠᠴᠠᠮᠤᠢ᠃ ᠪᠠᠷᠰ ᠪᠥᠭᠡᠰᠦ ᠡᠭᠡᠨᠡᠭᠲᠡ ᠭᠦᠨ ᠠᠭᠤᠯᠠᠨ᠎ᠠ ᠣᠷᠣᠰᠢᠨ ᠡᠭᠦᠷᠯᠡᠵᠦ᠂ ᠨᠢᠭᠲᠠ ᠣᠢ ᠠ᠋ᠴᠠ ᠦᠯᠦ ᠠᠩᠭᠢᠵᠢᠷᠠᠮᠤᠢ ᠃ ᠬᠤᠪᠢᠯᠭᠠᠨᠲᠤ ᠠᠷᠰᠯᠠᠨ ᠴᠠᠰᠤᠲᠤ ᠠᠭᠤᠯᠠᠨ᠎ᠠ ᠰᠦᠷ ᠬᠦᠴᠦᠨ ᠢ᠋ ᠲᠡᠵᠢᠭᠡᠨ᠂ ᠬᠤᠲᠤᠭᠲᠤ ᠺᠠᠷᠣᠳᠢ ᠡᠷᠳᠡᠨᠢᠲᠦ ᠴᠢᠯᠠᠭᠤ᠂ ᠤᠶᠠᠩᠭᠠᠲᠤ ᠮᠣᠳᠣᠨ ᠪᠤᠰᠤ ᠪᠣᠯᠪᠠᠰᠤ ᠰᠠᠭᠤᠬᠤ ᠦᠭᠡᠢ᠃ ᠲᠡᠭᠦᠨᠴᠢᠯᠡᠨ ᠬᠦ᠌ ᠦᠯᠡᠳᠡᠪᠦᠷᠢ ᠬᠠᠭᠤᠴᠢᠨ ᠨᠠᠢ᠍ᠮᠠᠨ ᠢ᠋ᠶ᠋ᠠᠷ ᠬᠡᠳᠦᠢᠪᠡᠷ ᠪᠠᠷᠠᠭᠤᠨ ᠬᠣᠢᠲᠤ ᠶ᠋ᠢᠨ ᠤᠭ ᠪᠠᠢᠭᠰᠠᠨ ᠵᠣᠪᠠᠯᠠᠩ ᠤ᠋ᠨ ᠦᠨᠳᠦᠰᠦᠨ ᠬᠡᠮᠡᠪᠡᠴᠦ᠂ ᠡᠨᠡ ᠬᠡᠳᠦᠨ ᠵᠢᠯ ᠦ᠋ᠨ ᠬᠣᠭᠣᠷᠣᠨᠳᠣ ᠨᠢᠭᠡᠨᠲᠡ ᠰᠦᠢᠳᠦᠨ ᠰᠡᠲᠡᠷᠡᠵᠦ᠂ ᠬᠥᠮᠦᠨ ᠦ᠌ ᠬᠡᠯᠬᠢᠶ᠎ᠡ ᠳ᠋ᠦ᠍ᠷ ᠲᠡᠷᠰᠯᠡᠨ᠂ ᠲᠥᠷᠥᠭᠰᠡᠨ ᠦ᠌ ᠡᠰᠢ ᠶ᠋ᠢ ᠲᠠᠰᠤᠯᠤᠨ᠂ ᠢᠴᠢᠭᠦᠷᠢᠲᠦ ᠬᠠᠭᠠᠨ ᠴᠣᠯᠠ ᠶ᠋ᠢ ᠵᠠᠯᠭᠠᠮᠵᠢᠯᠠᠨ᠂ ᠡᠵᠡᠷᠬᠡᠨ ᠡᠵᠡᠳᠡᠵᠦ ᠠᠭᠠᠰᠢᠯᠠᠬᠤ ᠪᠣᠯᠪᠠᠴᠤ ᠪᠠᠷ ᠦᠨᠡᠨ ᠳ᠋ᠦ᠍ᠷ ᠮᠠᠨ ᠤ᠋ ᠮᠣᠩᠭᠣᠯ ᠤ᠋ᠨ ᠤᠯᠤᠰ ᠲᠥᠷᠥ ᠯᠦ᠍ᠭᠡ ᠲᠡᠩᠴᠡᠨ ᠪᠠᠢᠯᠳᠤᠬᠤ ᠴᠢᠳᠠᠯ ᠲᠠᠢ ᠳᠠᠢᠰᠤᠨ ᠪᠤᠰᠤ ᠪᠣᠯᠵᠤᠬᠤᠢ᠃ ᠲᠡᠢᠨ ᠬᠦ᠌ ᠬᠠᠭᠠᠨ ᠤ᠋ ᠭᠡᠭᠡᠨ ᠢ᠋ ᠴᠢᠯᠡᠭᠡᠯ ᠥᠭᠡᠶ᠎ᠡ ᠂ ᠶᠢᠰᠦᠨ ᠡᠩ ᠦ᠋ᠨ ᠵᠠᠩᠵᠤᠨ ᠪᠠᠭᠠᠲᠤᠳ ᠢ᠋ᠶ᠋ᠠᠷ ᠬᠠᠮᠵᠢᠨ ᠪᠠᠢᠯᠳᠤᠪᠠᠰᠤ ᠪᠠᠷ ᠤᠬᠢᠶᠠᠨ ᠲᠦᠪᠰᠢᠳᠬᠡᠪᠡᠰᠦ ᠪᠠᠷᠳᠠᠭᠠᠪᠠᠷ ᠡᠩᠬᠡᠵᠢᠭᠦᠯᠦᠨ ᠲᠣᠭᠲᠠᠭᠠᠬᠤ ᠪᠣᠯᠤᠮᠤᠢ ᠬᠡᠮᠡᠵᠦᠬᠦᠢ᠃ ᠵᠠᠭᠤᠨ ᠲᠦᠰᠢᠮᠡᠳ ᠮᠥᠷᠭᠥᠭᠰᠡᠨ ᠠᠪᠠᠰᠤ ᠲᠠᠢᠽᠦ ᠴᠢᠩᠭᠢᠰ ᠬᠠᠭᠠᠨ ᠢ᠋ᠶ᠋ᠠᠷ ᠲᠡᠪᠡᠳᠡᠶ᠎ᠡ ᠪᠡᠶᠡᠰᠦᠨ ᠮᠦᠰᠢᠶᠡᠵᠦ᠂ ᠠᠯᠲᠠᠨ ᠠᠮᠠᠨ ᠢ᠋ᠶ᠋ᠠᠷ ᠵᠠᠷᠯᠢᠭ ᠪᠣᠯᠤᠨ ᠪᠠᠭᠤᠯᠭᠠᠷᠤᠨ᠄ 
      《ᠣᠯᠠᠨ ᠸᠠᠩ ᠰᠠᠢᠳ ᠤ᠋ᠳ ᠡᠢᠨ ᠬᠦ᠌ ᠠᠢᠯᠠᠳᠬᠠᠬᠤ ᠠᠨᠤ ᠬᠡᠳᠦᠢᠪᠡᠷ ᠮᠠᠰᠢᠳᠠ ᠮᠥᠨ ᠪᠣᠯᠪᠠᠴᠤ᠂ ᠤᠯᠤᠰ ᠲᠥᠷᠥ ᠳ᠋ᠦ᠍ᠷ ᠰᠢᠨ᠎ᠡ ᠬᠠᠭᠤᠴᠢᠨ᠂ ᠪᠠᠢᠭᠤᠯᠬᠤ ᠪᠠᠷᠠᠭᠳᠠᠬᠤ ᠶ᠋ᠢᠨ ᠠᠳᠠᠯᠢ ᠦᠭᠡᠢ ᠶ᠋ᠢᠨ ᠢᠯᠭᠠᠪᠤᠷᠢ ᠪᠣᠢ ᠪᠤᠶᠤ᠃ ᠮᠡᠬᠦᠰ ᠪᠢ ᠬᠡᠳᠦᠢᠪᠡᠷ ᠤᠭ ᠠ᠋ᠴᠠ ᠬᠠᠭᠠᠨ ᠢᠵᠠᠭᠤᠷᠲᠠᠨ ᠪᠣᠯᠪᠠᠴᠤ ᠬᠣᠶᠠᠷ ᠦᠶ᠎ᠡ ᠠᠯᠤᠰᠯᠠᠵᠤ᠂ ᠠᠷᠠᠢᠬᠠᠨ ᠪᠸᠲ᠋ᠠ᠋ ᠤᠯᠤᠰ ᠤ᠋ᠨ ᠨᠢᠭᠡᠬᠡᠨ ᠠᠢᠮᠠᠭ ᠢ᠋ ᠪᠣᠯᠢᠮᠰᠤᠨ ᠡᠵᠡᠯᠡᠵᠦ ᠪᠦᠬᠦᠢ ᠶ᠋ᠢ ᠳᠥᠷᠪᠡᠨ ᠵᠦᠭ ᠦ᠋ᠨ ᠮᠡᠷᠭᠡᠳ ᠪᠠᠭᠠᠲᠤᠳ ᠬᠦᠴᠦᠯᠡᠨ ᠲᠡᠳᠬᠦᠵᠦ᠂ ᠭᠤᠴᠢᠨ ᠣᠨ ᠳᠠᠢᠯᠠᠨ ᠶᠠᠪᠤᠵᠤ᠂ ᠠᠷᠠᠢᠬᠠᠨ ᠭᠡᠵᠦ ᠠᠷᠤ ᠡᠯᠡᠰᠦᠨ ᠦ᠌ ᠠᠯᠠᠭ᠎ᠠ ᠶ᠋ᠢᠨ ᠲᠡᠳᠦᠢ ᠬᠡᠳᠦᠨ ᠮᠢᠩᠭᠠᠨ ᠪᠠᠷ᠎ᠠ ᠶ᠋ᠢᠨ ᠲᠡᠳᠦᠢ ᠭᠠᠵᠠᠷ ᠣᠷᠣᠨ ᠤ᠋ ᠵᠢᠷᠠ ᠳᠠᠯᠠᠨ ᠠᠢᠮᠠᠭ ᠪᠦᠯᠦᠭ ᠦ᠋ᠨ ᠪᠤᠷᠬᠢᠷᠠᠯᠳᠤᠭᠠᠨ ᠰᠠᠮᠠᠭᠤᠨ ᠢ᠋ ᠡᠶᠡᠳᠡᠭᠦᠯᠦᠨ ᠨᠠᠢᠷᠠᠯᠳᠤᠭᠤᠯᠵᠤ᠂ ᠴᠠᠭ ᠭᠱᠠᠨ ᠤ᠋ ᠬᠣᠭᠣᠷᠣᠨᠳᠣ ᠡᠩᠬᠡ ᠲᠦᠪᠰᠢᠨ ᠪᠣᠯᠵᠤ ᠪᠠᠬᠠᠨ ᠲᠡᠳᠦᠢ ᠠᠮᠤᠵᠢᠨ ᠡᠩᠬᠡᠵᠢᠪᠡ᠃ ᠭᠡᠪᠡᠴᠦ ᠡᠭᠡᠨᠡᠭᠲᠡ ᠪᠠᠰᠠ ᠬᠦ᠌ ᠠᠷᠤ ᠤᠮᠠᠷ᠎ᠠ ᠶ᠋ᠢᠨ ᠡᠯᠡᠰᠦ ᠮᠠᠩᠬᠠᠨ ᠤ᠋ ᠵᠠᠬ᠎ᠠ ᠬᠢᠵᠠᠭᠠᠷ ᠤ᠋ᠨ ᠭᠠᠳᠠᠭᠠᠳᠤ ᠤᠯᠤᠰ ᠠᠢᠮᠠᠭ ᠲᠠᠭᠠᠨ ᠠᠭᠰᠠᠭᠠᠷ ᠪᠦᠬᠦᠢ ᠵᠠᠰᠠᠭ ᠲᠥᠷᠥ ᠪᠤᠶᠤ᠃ ᠮᠥᠷᠡᠨ ᠦ᠌ ᠡᠮᠦᠨᠡᠲᠦ ᠵᠣᠣ ᠣᠪᠣᠭᠲᠤ ᠶ᠋ᠢᠨ ᠬᠠᠭᠤᠴᠢᠨ ᠨᠠᠩᠭᠢᠶᠠᠳ ᠬᠢᠲᠠᠳ ᠤ᠋ᠨ ᠰᠥᠩ ᠤᠯᠤᠰ᠂ ᠳᠤᠮᠳᠠᠳᠤ ᠵᠥᠩᠲᠦ ᠶ᠋ᠢᠨ ᠸᠠᠨ ᠶᠠᠨ ᠠᠢᠮᠠᠭ ᠤ᠋ᠨ ᠠᠯᠲᠠᠨ ᠤᠯᠤᠰ ᠬᠢᠭᠡᠳ ᠪᠠᠷᠠᠭᠤᠨ ᠰᠢᠷ᠎ᠠ ᠮᠥᠷᠡᠨ ᠦ᠌ ᠯᠢ ᠣᠪᠣᠭᠲᠤ ᠲᠠᠩᠭᠤᠳ ᠤᠯᠤᠰ ᠪᠠ ᠵᠢᠴᠢ ᠪᠠᠰᠠ ᠡᠳᠦᠭᠡᠬᠢ ᠶ᠋ᠢᠨ ᠨᠠᠢ᠍ᠮᠠᠨ ᠤᠯᠤᠰ ᠤ᠋ᠨ ᠥᠨᠥᠬᠡᠨ ᠦ᠌ ᠮᠥᠬᠥᠭᠡᠭᠰᠡᠨ ᠬᠠᠭᠤᠴᠢᠨ ᠶᠧ ᠯᠢᠦᠢ ᠠᠢᠮᠠᠭ ᠤ᠋ᠨ ᠳ᠋ᠠᠢ ᠯᠢᠶᠣᠣ ᠤᠯᠤᠰ᠂ ᠵᠡᠭᠦᠨ ᠡᠮᠦᠨ᠎ᠡ ᠳᠠᠯᠠᠢ ᠶ᠋ᠢᠨ ᠬᠣᠢᠭ ᠤ᠋ᠨ ᠰᠣᠯᠤᠩᠭᠤ ᠤᠯᠤᠰ᠂ ᠴᠢᠬᠡ ᠤᠮᠠᠷ᠎ᠠ ᠬᠦᠢᠲᠡᠨ ᠰᠢᠷᠣᠢ ᠶ᠋ᠢᠨ ᠬᠥᠯᠳᠡᠭᠦᠦ ᠵᠢᠬᠡᠭᠦᠨ ᠣᠷᠣᠰ ᠤᠯᠤᠰ᠂ ᠴᠢᠬᠡ ᠪᠠᠷᠠᠭᠤᠨ ᠲᠠᠩᠭᠤᠳ ᠲᠥᠪᠡᠳ᠂ ᠬᠠᠰᠠᠭ᠂ ᠪᠤᠷᠤᠢᠳ᠂ ᠵᠠᠭᠠᠨ ᠭᠡᠷ᠂ ᠬᠠᠰᠢᠬᠡᠷ ᠡᠳᠡᠭᠡᠷ ᠶᠡᠬᠡ ᠶᠡᠬᠡ ᠤᠯᠤᠰ ᠤ᠋ᠳ ᠯᠤᠭ᠎ᠠ ᠠᠳᠠᠯᠢᠳᠬᠠᠵᠤ ᠦᠯᠦ ᠪᠣᠯᠬᠤ ᠠᠨᠤ ᠪᠤᠶᠤ᠃ ᠲᠡᠳᠡᠭᠡᠷ ᠤᠯᠤᠰ ᠤ᠋ᠳ ᠬᠡᠮᠡᠭᠴᠢ᠂ ᠡᠩ ᠡᠷᠲᠡᠨ ᠡᠴᠡᠭᠡᠨ ᠥᠪᠡᠷ ᠥᠪᠡᠷᠦᠨ ᠭᠠᠵᠠᠷ ᠤᠰᠤᠨ ᠤ᠋ ᠵᠠᠩ ᠵᠠᠩ ᠢ᠋ᠶ᠋ᠠᠷ ᠢ᠋ᠶ᠋ᠠᠨ ᠬᠠᠳᠠᠩᠰᠢᠨ ᠵᠠᠩᠰᠢᠵᠤ᠂ ᠮᠥᠷ ᠢ᠋ ᠮᠥᠰᠬᠢᠨ᠂ ᠤᠳᠤᠮ ᠢ᠋ ᠮᠥᠷᠳᠡᠵᠦ ᠢᠷᠡᠭᠰᠡᠨ ᠤᠭ ᠬᠠᠭᠤᠴᠢᠨ ᠤᠳᠤᠮ ᠰᠣᠳᠤᠷᠲᠤ ᠶᠡᠬᠡ ᠤᠯᠤᠰ᠂ ᠬᠡᠪ ᠬᠡᠪᠴᠢᠶᠡᠨᠲᠦ ᠰᠤᠷᠲᠠᠯᠲᠤ ᠲᠥᠷᠥ ᠪᠤᠶᠤ᠃ ᠮᠠᠨ ᠤ᠋ ᠡᠨᠡ ᠰᠢᠨᠡᠬᠡᠨ ᠪᠠᠢᠭᠤᠯᠤᠭᠰᠠᠨ ᠮᠣᠩᠭᠣᠯ ᠤ᠋ᠨ ᠤᠯᠤᠰ ᠲᠥᠷᠥ ᠬᠡᠮᠡᠭᠴᠢ ᠡᠨᠡᠳᠬᠡᠭ ᠦ᠋ᠨ ᠨᠢᠭᠡᠨ ᠪᠢᠴᠢᠬᠠᠨ ᠰᠠᠯᠪᠤᠷᠢ ᠶ᠋ᠢᠨ ᠪᠥᠷᠲᠡ ᠴᠢᠨᠣ᠎ᠠ ᠬᠠᠭᠠᠨ ᠤ᠋ ᠪᠣᠷᠵᠢᠭᠢᠳᠠᠢ ᠮᠡᠷᠭᠡᠨ ᠦ᠌ ᠪᠣᠷᠵᠢᠭᠢᠳ ᠢᠵᠠᠭᠤᠷ ᠤ᠋ᠨ ᠣᠳᠣᠨ ᠰᠠᠷᠠᠨ ᠤ᠋ ᠭᠡᠭᠡᠬᠡᠨ ᠭᠡᠷᠡᠯ ᠡᠴᠡ ᠭᠡᠢᠭᠦᠯᠦᠨ ᠦᠨᠳᠦᠰᠦᠯᠡᠭᠰᠡᠨ ᠪᠤᠲᠠᠨᠴᠢᠷ ᠪᠣᠭᠳᠠ ᠶ᠋ᠢᠨ ᠨᠢᠭᠡᠬᠡᠨ ᠰᠠᠯᠠᠭᠠᠨ ᠤ᠋  ᠪᠸᠲ᠋ᠠ᠋ ᠤᠯᠤᠰ ᠠ᠋ᠴᠠ ᠪᠦᠲᠦᠭᠰᠡᠨ ᠳᠠᠯᠠᠨ ᠲᠠᠪᠤᠨ ᠠᠢᠮᠠᠭ ᠪᠦᠯᠦᠭ ᠦ᠋ᠳ ᠦ᠋ᠨ ᠲᠡᠪᠡᠯᠬᠢᠯᠡᠨ ᠪᠤᠴᠠᠯᠬᠤ ᠪᠤᠷᠬᠢᠷᠠᠯᠳᠤᠭᠠᠨ ᠰᠠᠮᠠᠭᠤᠨ ᠢ᠋ ᠰᠠᠢᠨ ᠢ᠋ᠶ᠋ᠠᠷ ᠰᠠᠨᠠᠭᠠᠨ ᠢ᠋ ᠵᠠᠰᠠᠵᠤ ᠂ ᠬᠠᠲᠠᠭᠤ ᠪᠠᠷ ᠬᠠᠷᠭᠢᠰ ᠤ᠋ᠳ ᠢ᠋ ᠠᠷᠢᠯᠭᠠᠭᠰᠠᠭᠠᠷ᠂ ᠠᠷᠪᠠᠨ ᠭᠤᠷᠪᠠᠨ ᠨᠠᠰᠤᠨ ᠠ᠋ᠴᠠ ᠬᠤᠶᠠᠭ ᠡᠮᠦᠰᠴᠦ᠂ ᠮᠣᠷᠢ ᠳᠣᠪᠲᠣᠯᠤᠨ᠂ ᠵᠠᠭᠤᠨ ᠦᠬᠦᠯ ᠮᠢᠩᠭᠠᠨ ᠵᠦᠳᠡᠯ ᠢ᠋ ᠠᠮᠰᠠᠵᠤ᠂ ᠡᠳᠦᠭᠡ ᠳᠥᠴᠢᠨ ᠲᠠᠪᠤᠨ ᠨᠠᠰᠤᠯᠠᠲᠠᠯ᠎ᠠ᠂ ᠭᠤᠴᠢᠨ ᠬᠣᠶᠠᠷ ᠵᠢᠯ ᠠᠭᠰᠠᠭᠰᠠᠨ ᠢᠯᠳᠦᠨ ᠢ᠋ ᠰᠠᠯᠭᠠᠯ ᠦᠭᠡᠢ᠂ ᠠᠴᠢᠭᠰᠠᠨ ᠡᠮᠡᠭᠡᠯ ᠢ᠋ ᠠᠪᠤᠯ ᠦᠭᠡᠢ᠂ ᠠᠮᠤᠷ ᠤᠮᠳᠠᠬᠤ ᠶ᠋ᠢ ᠡᠷᠢᠯ ᠦᠭᠡᠢ᠂ ᠠᠮᠲᠠᠲᠠᠨ ᠰᠢᠮᠡᠳᠡᠢᠬᠡᠨ᠎ᠡ ᠰᠢᠨᠤᠬᠠᠢᠷᠠᠯ ᠦᠭᠡᠢ ᠠᠷᠪᠠᠨᠲᠠ ᠰᠠᠨᠠᠮᠵᠢᠯᠠᠨ᠂ ᠠᠰᠢᠳᠠ ᠬᠢᠴᠢᠶᠡᠯᠴᠡᠨ᠂ ᠠᠯᠢᠪᠠ ᠴᠢᠩ ᠰᠠᠢᠳ ᠤ᠋ᠳ ᠲᠠ ᠪᠦᠭᠦᠳᠡᠭᠡᠷ ᠦ᠋ᠨ ᠦᠬᠦᠨ ᠵᠢᠳᠬᠦᠯᠴᠡᠭᠰᠡᠨ ᠭᠠᠪᠢᠶ᠎ᠠ ᠵᠢᠳᠬᠦᠯᠭᠡ ᠳ᠋ᠦ᠍ᠷ ᠢᠲᠡᠭᠡᠵᠦ᠂ ᠡᠨᠡ ᠡᠳᠦᠷ ᠮᠣᠩᠭᠣᠯ ᠤ᠋ᠨ ᠤᠯᠤᠰ ᠲᠥᠷᠥ ᠶ᠋ᠢᠨ ᠰᠠᠭᠤᠷᠢᠨ ᠳ᠋ᠤᠷ ᠰᠠᠭᠤᠮᠠᠭᠴᠠ᠂ ᠡᠨᠡ ᠡᠳᠦᠷ ᠡᠴᠡᠭᠡᠨ ᠡᠷᠲᠡ ᠡᠷᠲᠡᠨ ᠦ᠌ ᠡᠷᠬᠡᠭ ᠵᠠᠯᠬᠠᠭᠤ ᠳ᠋ᠠᠭᠠᠨ ᠡᠷᠭᠡᠭᠲᠡᠨ ᠨᠡᠷᠪᠡᠭᠳᠡᠵᠦ᠂ ᠠᠮᠤᠷ ᠵᠢᠷᠭᠠᠯ ᠳ᠋ᠠᠭᠠᠨ ᠠᠷᠳᠠᠭᠰᠢᠨ ᠰᠣᠭᠲᠣᠭᠤᠷᠠᠵᠤ᠂ ᠤᠷᠢᠳᠤ ᠬᠠᠭᠠᠰ ᠨᠠᠰᠤᠨ ᠳ᠋ᠠᠭᠠᠨ ᠴᠢᠷᠮᠠᠢᠨ ᠪᠦᠲᠦᠭᠡᠭᠰᠡᠨ ᠤᠯᠤᠰ ᠲᠥᠷᠥ ᠶ᠋ᠢᠨ ᠵᠠᠰᠠᠭ ᠴᠠᠭᠠᠵᠠ ᠪᠠᠨ ᠥᠪᠡᠷ ᠢ᠋ᠶ᠋ᠡᠨ ᠵᠠᠢᠳᠠᠩᠳᠠᠨ ᠰᠠᠯᠪᠠᠷᠠᠭᠤᠯᠵᠤ᠂ ᠴᠡᠩᠭᠡᠯ ᠳ᠋ᠦ᠍ᠷ ᠤᠵᠢᠳᠯᠠᠨ ᠪᠤᠷᠤᠭᠤ ᠳ᠋ᠤᠷ ᠪᠤᠯᠢᠭᠳᠠᠵᠤ᠂ ᠪᠤᠰᠠᠨᠢᠬᠤ ᠮᠥᠬᠥᠬᠦ ᠲᠡᠳᠡᠭᠡᠷ ᠲᠡᠳᠡᠭᠡᠷ ᠰᠦᠢ ᠤᠯᠤᠰ ᠤ᠋ᠨ ᠶᠠᠩᠳᠢ᠂ ᠯᠢᠶᠠᠩ ᠤᠯᠤᠰ ᠤ᠋ᠨ ᠥᠳᠢ ᠶ᠋ᠢᠨ ᠮᠡᠲᠦᠰ᠂ ᠵᠢᠷᠭᠠᠯ ᠢ᠋ᠶ᠋ᠠᠷ ᠵᠢᠳᠠ ᠢᠯᠳᠦᠨ ᠢ᠋ ᠡᠳᠦᠭᠦᠯᠵᠦ᠂ ᠪᠤᠷᠬᠠᠨ ᠢ᠋ᠶ᠋ᠠᠷ ᠪᠤᠰᠠᠨᠢᠯ ᠰᠥᠨᠥᠭᠡᠯ ᠢ᠋ ᠤᠳᠤᠷᠢᠳᠤᠨ᠂ ᠨᠠᠰᠤᠨ ᠳᠤᠮᠳᠠ ᠬᠠᠭᠠᠰ ᠵᠠᠭᠤᠷᠮ᠎ᠠ ᠪᠠᠷ ᠤᠯᠤᠰ ᠲᠥᠷᠥ ᠪᠡᠨ ᠮᠥᠬᠥᠭᠦᠯᠦᠨ ᠪᠦᠷᠢᠯᠭᠡᠬᠦ᠂ ᠠᠮᠤᠷ ᠠᠲᠠᠷ ᠤ᠋ᠨ ᠵᠢᠷᠭᠠᠯ ᠴᠡᠩᠭᠡᠯ ᠦ᠋ᠨ ᠡᠷᠬᠡᠭ ᠪᠠᠢᠷᠢ᠂ ᠬᠡᠲᠦᠷᠬᠡᠢ ᠶᠠᠩᠵᠤ ᠶ᠋ᠢ ᠬᠡᠷᠬᠢᠪᠡᠴᠦ ᠭᠡᠮᠡᠨ ᠮᠥᠷᠳᠡᠨ ᠳᠠᠭᠤᠷᠢᠶᠠᠵᠤ ᠦᠯᠦ ᠪᠣᠯᠤᠮᠤᠢ ᠃ ᠦᠯᠦᠭ ᠡᠷᠲᠡᠨ ᠦ᠌ ᠦᠭᠡᠰ ᠲᠣᠷ <  ᠡᠷᠬᠡ ᠶ᠋ᠢ ᠰᠤᠷᠬᠤ ᠠ᠋ᠴᠠ ᠪᠡᠷᠬᠡ ᠶ᠋ᠢ ᠰᠤᠷ  >  ᠬᠡᠮᠡᠵᠦᠬᠦᠢ᠃ ᠡᠷᠲᠡᠨ ᠦ᠌ ᠦᠯᠢᠭᠡᠷ ᠴᠡᠳᠢᠭ᠂ ᠲᠡᠦᠬᠡ ᠲᠣᠭᠣᠵᠢ ᠪᠦᠬᠦᠨ᠎ᠡ ᠡᠯ᠎ᠡ ᠤᠯᠤᠰ ᠤ᠋ᠨ ᠡᠵᠡᠳ᠂ ᠬᠥᠮᠦᠨ ᠦ᠌ ᠬᠠᠳ ᠤ᠋ᠳ ᠪᠦᠬᠦᠨ ᠢ᠋ᠶ᠋ᠡᠷ ᠠᠯᠢᠪᠠ ᠡᠷᠬᠡ ᠳ᠋ᠡᠭᠡᠨ ᠡᠷᠡᠮᠰᠢᠭᠰᠡᠨ ᠪᠦᠬᠦᠨ ᠡᠪᠳᠡᠷᠡᠭᠡᠳ᠂ ᠲᠠᠪᠠ ᠳ᠋ᠠᠭᠠᠨ ᠲᠠᠩᠰᠤᠷᠬᠠᠬ᠍ᠰᠠᠨ ᠪᠦᠬᠦᠨ ᠲᠠᠯᠠᠭᠳᠠᠭᠰᠠᠨ ᠪᠢᠰᠢᠦ ?  ᠶᠢᠷᠲᠢᠨᠴᠦ ᠶ᠋ᠢᠨ ᠦᠢᠯᠡᠰ ᠬᠡᠮᠡᠭᠴᠢ ᠰᠡᠳᠬᠢᠬᠦᠢ ᠡᠴᠡ ᠰᠠᠶᠢ ᠪᠦᠲᠦᠬᠦ ᠪᠤᠶᠤ᠂ ᠠᠯᠭᠠᠰᠠᠩᠭᠤᠢ ᠠ᠋ᠴᠠ ᠰᠠᠶᠢ ᠪᠦᠷᠢᠯᠬᠦ ᠪᠣᠯᠠᠢ᠃ ᠤᠯᠤᠰ ᠤ᠋ᠨ ᠡᠵᠡᠨ ᠬᠥᠮᠦᠨ ᠦ᠌ ᠬᠠᠭᠠᠨ ᠪᠣᠯᠤᠮᠤᠢ ᠬᠡᠮᠡᠭᠴᠢ ᠣᠯᠠᠨ ᠢ᠋ ᠠᠮᠤᠭᠤᠯᠤᠨ ᠡᠩᠬᠡ ᠪᠡᠷ ᠡᠩᠬᠡᠵᠢᠭᠦᠯᠬᠦ ᠶ᠋ᠢ ᠲᠡᠭᠷᠢ ᠶ᠋ᠢᠨ ᠰᠠᠨᠠᠭᠠᠨ ᠪᠣᠯᠭᠠᠮᠤ᠃ ᠣᠯᠠᠨ ᠢ᠋ ᠠᠮᠤᠭᠤᠯᠤᠨ ᠡᠩᠬᠡ ᠪᠡᠷ ᠡᠩᠬᠡᠵᠢᠭᠦᠯᠦᠨ ᠲᠡᠭᠷᠢ ᠶ᠋ᠢᠨ ᠰᠠᠨᠠᠭᠠᠨ ᠢ᠋ ᠵᠠᠷᠯᠠᠬᠤᠢ ᠳ᠋ᠤᠷ ᠡᠷᠬᠡᠪᠰᠢ ᠤᠷᠢᠳᠠ ᠣᠷᠣᠨ ᠭᠠᠵᠠᠷ ᠤ᠋ᠨ ᠣᠯᠠᠨ ᠤ᠋ ᠵᠠᠩ ᠰᠤᠷᠲᠠᠯ ᠢ᠋ᠶ᠋ᠠᠷ ᠵᠢᠯᠣᠭᠣᠳᠤᠨ ᠤᠳᠤᠷᠢᠳᠬᠤ ᠶ᠋ᠢ ᠠᠨᠤ ᠴᠢᠬᠤᠯᠠ ᠪᠣᠯᠭᠠᠮᠤᠢ᠃ ᠪᠢᠳᠡᠨ ᠦ᠌ ᠡᠨᠡ ᠡᠯᠡᠰᠦ ᠮᠠᠩᠬᠠᠨ ᠤ᠋ ᠠᠷᠤ ᠭᠠᠵᠠᠷ ᠬᠡᠮᠡᠭᠴᠢ ᠬᠠᠪᠤᠷ ᠣᠷᠣᠢ᠂ ᠨᠠᠮᠤᠷ ᠡᠷᠲᠡ᠂ ᠲᠠᠪᠤᠨ ᠲᠠᠷᠢᠶ᠎ᠠ ᠪᠣᠯᠪᠠᠰᠤᠷᠠᠬᠤ ᠦᠭᠡᠢ ᠶ᠋ᠢᠨ ᠲᠤᠯᠠ᠂ ᠦᠰᠦ ᠠᠷᠠᠰᠤᠲᠤ ᠮᠠᠯ ᠠᠳᠤᠭᠤ ᠪᠠᠷ ᠠᠮᠢᠳᠤᠷᠠᠨ ᠶᠠᠪᠤᠬᠤ ᠶ᠋ᠢᠨ ᠤᠴᠢᠷ᠂ ᠬᠥᠮᠦᠨ ᠢᠨᠤ ᠪᠡᠬᠢ ᠬᠠᠲᠠᠭᠤ᠂ ᠵᠠᠩ ᠠᠨᠤ ᠴᠤᠯᠭᠤᠢ ᠴᠢᠬᠡᠴᠢ᠂ ᠴᠢᠬᠢᠷᠡᠭ ᠪᠠᠭᠠᠲᠤᠷ ᠢ᠋ ᠴᠢᠳᠠᠯ ᠡᠷᠳᠡᠮ ᠪᠣᠯᠭᠠᠨ ᠦᠵᠡᠬᠦ ᠪᠥᠭᠡᠲᠡᠯ᠎ᠡ᠂ ᠴᠢᠨᠠᠳᠤᠰ ᠤ᠋ᠨ ᠳᠠᠢᠰᠤᠨ᠎ᠠ ᠥᠪᠡᠷ ᠢ᠋ᠶ᠋ᠡᠨ ᠬᠣᠢᠰᠢᠯᠠᠭᠠᠳ᠂ ᠪᠤᠰᠤᠳ ᠬᠥᠮᠦᠨ ᠢ᠋ ᠤᠷᠤᠭᠰᠢᠯᠠᠭᠤᠯᠪᠠᠰᠤ ᠣᠯᠠᠨ ᠵᠠᠩᠵᠤᠨ ᠴᠡᠷᠢᠭ ᠦ᠋ᠳ ᠦ᠋ᠨ ᠨᠢᠭᠤᠴᠠ ᠰᠡᠳᠬᠢᠯ ᠳᠠᠯᠳᠠ ᠰᠠᠨᠠᠭᠠᠨ ᠢ᠋ ᠶᠠᠭᠠᠬᠢᠨ ᠭᠣᠬᠠᠳᠠᠨ ᠬᠥᠳᠡᠯᠭᠡᠵᠦ ᠴᠢᠳᠠᠬᠤ ᠠᠵᠠᠢ ! ᠳᠡᠭᠡᠳᠦᠰ ᠢ᠋ ᠴᠡᠩᠭᠡᠯᠳᠦᠭᠦᠯᠵᠦ᠂ ᠳᠣᠣᠷᠠᠳᠤᠰ ᠢ᠋ ᠴᠥᠬᠦᠷᠡᠭᠡᠬᠦ ᠢᠨᠦ ᠬᠠᠭᠠᠨ ᠬᠥᠮᠦᠨ ᠦ᠌ ᠦᠨᠡᠨ ᠶᠠᠪᠤᠳᠠᠯ ᠮᠥᠨ ᠤᠤ ?  ᠡᠵᠡᠨ ᠡᠰᠡ ᠰᠢᠭᠤᠳᠪᠠᠰᠤ ᠰᠠᠢᠳ ᠦᠯᠦ ᠰᠢᠪᠲᠤᠯᠤᠮᠤᠢ᠃ ᠡᠳᠦᠭᠡ ᠪᠦᠬᠦᠢ ᠰᠥᠩ ᠤᠯᠤᠰ᠂ ᠠᠯᠲᠠᠨ ᠤᠯᠤᠰ᠂ ᠲᠠᠩᠭᠤᠳ ᠤᠯᠤᠰ ᠤ᠋ᠨ ᠥᠭᠡᠨᠴᠡ ᠪᠠᠭᠤᠷᠠᠢ᠂ ᠬᠠᠩᠭᠠᠢ ᠲᠠᠩᠬᠠᠢ᠂ ᠣᠰᠣᠯ ᠴᠠᠯᠠᠭᠠᠢ ᠪᠣᠯᠤᠯᠴᠠᠭᠰᠠᠨ ᠠᠨᠤ ᠨᠡᠢᠲᠡ ᠪᠡᠷ ᠴᠥᠮ ᠬᠠᠭᠠᠨ ᠠᠨᠤ ᠬᠠᠲᠤᠳ ᠯᠤᠭ᠎ᠠ ᠴᠡᠩᠭᠡᠯᠳᠦᠵᠦ᠂ ᠬᠠᠷᠠᠴᠤᠰ ᠠᠨᠤ ᠬᠠᠷᠠᠳᠠᠨ ᠳᠠᠢᠰᠤᠨ᠎ᠠ ᠲᠤᠯᠬᠤᠢ ᠠ᠋ᠴᠠ ᠬᠠᠯᠠᠰᠢᠷᠠᠬᠤ ᠠ᠋ᠴᠠ ᠭᠡᠮ ᠡᠪᠡᠳᠴᠢᠨ ᠪᠣᠯᠤᠭᠰᠠᠨ ᠠᠨᠤ ᠪᠤᠰᠤ ᠤᠤ ?  ᠠᠷᠭ᠎ᠠ ᠮᠡᠬᠡ᠂ ᠠᠭᠠᠰᠢ ᠳᠦᠷᠢᠮ ᠢ᠋ᠶ᠋ᠡᠷ ᠭᠣᠣᠯᠴᠢᠯᠠᠨ ᠵᠠᠰᠠᠭᠴᠢ ᠡᠮᠦᠨᠡᠲᠦ ᠬᠢᠲᠠᠳ ᠤ᠋ᠨ ᠵᠠᠩ ᠳᠠᠳᠬᠠᠯ᠂ ᠲᠡᠳᠡ ᠲᠡᠳᠡᠭᠡᠷ ᠤᠯᠤᠰ ᠤ᠋ᠳ ᠴᠤ᠌ ᠡᠰᠡ ᠪᠣᠯᠬᠤ ᠪᠥᠭᠡᠲᠡᠯ᠎ᠡ᠂ ᠣᠳᠣ ᠪᠢᠳᠡᠨ ᠦ᠌ ᠴᠢᠬᠡᠴᠢ ᠦᠨᠡᠮᠴᠢ ᠴᠢᠬᠢᠷᠡᠭ ᠪᠠᠭᠠᠲᠤᠷ ᠢ᠋ ᠪᠠᠷᠢᠮᠲᠠᠯᠠᠭᠴᠢ ᠠᠷᠠᠳ ᠢ᠋ᠶ᠋ᠠᠷ ᠨᠡᠩᠳᠡ ᠬᠡᠷᠬᠢᠨ ᠪᠡᠶᠡᠰᠦᠨ ᠪᠢᠰᠢᠷᠡᠵᠦ ᠳ᠋ᠡᠭᠡᠨ ᠰᠢᠪᠲᠤᠯᠬᠤ ᠠᠵᠠᠢ ! ᠲᠡᠳᠡ ᠲᠡᠳᠡᠭᠡᠷ ᠲᠡᠩᠰᠡᠭ ᠲᠡᠭᠡᠨ ᠲᠠᠰᠤ ᠶᠠᠳᠠᠨ᠂ ᠲᠠᠩᠰᠤᠭ ᠲᠠᠭᠠᠨ ᠲᠠᠰᠤ ᠶᠠᠳᠠᠬᠤ ᠬᠢᠲᠠᠳ ᠬᠠᠳ ᠤ᠋ᠳ ᠲᠠᠰᠤᠷᠬᠠᠶ᠎ᠠ ᠮᠡᠬᠦᠰ ᠮᠢᠨᠦ᠂ ᠨᠢᠳᠦᠨ ᠦ᠌ ᠡᠮᠦᠨ᠎ᠡ ᠪᠦᠬᠦᠢ ᠢᠪ ᠢᠯᠡᠷᠬᠡᠢ ᠴᠡᠭᠡᠷᠯᠡᠯ ᠲᠣᠪ ᠲᠣᠳᠣᠷᠬᠠᠢ ᠲᠣᠭᠣᠵᠢ ᠪᠣᠯᠤᠨ ᠪᠥᠬᠥᠶ᠎ᠡ᠂ ᠲᠣᠯᠣᠭᠠᠢ ᠪᠠᠨ ᠲᠥᠭᠡᠷᠢᠭᠦᠯᠵᠦ᠂ ᠭᠡᠳᠡᠷᠭᠦ ᠡᠭᠡᠵᠦ ᠲᠡᠳᠡ ᠲᠡᠳᠡᠨ ᠦ᠌ ᠭᠡᠮ ᠡᠪᠡᠳᠴᠢᠨ ᠢ᠋ ᠢᠨᠦ ᠮᠥᠷᠳᠡᠨ ᠳᠠᠭᠤᠷᠢᠶᠠᠪᠠᠰᠤ ᠪᠤᠯᠬᠤᠢ ᠤᠤ ? ᠴᠢᠬᠡᠴᠢ ᠰᠢᠳᠤᠷᠭᠤ ᠴᠢᠩ ᠰᠠᠢᠳ ᠤ᠋ᠳ ᠲᠠ ᠪᠠᠷ ᠴᠢᠩᠭᠢᠰ ᠡᠵᠡᠨ ᠢ᠋ᠶ᠋ᠡᠨ ᠡᠨᠡ ᠬᠦ᠌ ᠵᠠᠷᠯᠢᠭ ᠰᠣᠶᠣᠷᠬᠠᠯ ᠢ᠋ ᠮᠢᠨᠦ᠂ ᠴᠢᠳᠠᠬᠤᠯ᠎ᠠ ᠴᠢᠯᠠᠭᠤᠨ ᠳ᠋ᠤᠷ ᠰᠡᠢᠯᠵᠦ᠂ ᠲᠡᠮᠦᠷ ᠲᠣᠷ ᠳᠤᠭᠭᠢᠵᠤ ᠦᠶ᠎ᠡ ᠤᠯᠠᠷᠢᠨ ᠦᠷ᠎ᠡ ᠠᠴᠢ ᠳ᠋ᠤᠷ ᠮᠢᠨᠦ ᠤᠯᠠᠮᠵᠢᠯᠠᠨ ᠦᠯᠡᠳᠡᠭᠡᠵᠦ ᠦᠭᠪᠡᠰᠦ᠂ ᠬᠣᠢᠴᠢᠬᠢ ᠢᠷᠡᠭᠡᠳᠦᠢ ᠶ᠋ᠢᠨ ᠴᠠᠭ ᠦᠶᠡᠰ ᠲᠣᠷ ᠬᠡᠳᠦᠢᠪᠡᠷ ᠤᠯᠤᠰ ᠲᠥᠷᠥ ᠶ᠋ᠢᠨ ᠣᠨ ᠭᠦᠢᠴᠡᠵᠦ᠂ ᠲᠣᠭ᠎ᠠ ᠲᠡᠭᠦᠰᠴᠦ᠂ ᠰᠠᠭᠤᠷᠢᠨ ᠰᠢᠯᠵᠢᠵᠦ ᠲᠥᠷᠥ ᠬᠠᠯᠠᠪᠠᠴᠤ ᠪᠠᠷ ᠭᠡᠮᠡᠨ ᠬᠡᠷᠬᠢᠪᠡᠴᠦ ᠡᠮᠦᠨᠡᠲᠦ ᠬᠢᠲᠠᠳ ᠨᠠᠩᠭᠢᠶᠠᠳ ᠤ᠋ᠨ ᠤᠯᠤᠰ ᠮᠥᠬᠥᠨ᠂ ᠤᠭᠰᠠᠭ᠎ᠠ ᠰᠠᠷᠨᠢᠵᠤ ᠣᠷᠣᠨ ᠲᠣᠷᠤᠨ ᠦᠭᠡᠢ ᠪᠣᠯᠤᠨ ᠡᠴᠢᠭᠦᠨ ᠢ᠋ᠶ᠋ᠡᠷ ᠦᠭᠡᠢ ᠢᠨᠦ ᠪᠤᠶᠤ᠃ ᠡᠷᠬᠡᠪᠰᠢ ᠲᠢᠪ ᠳᠡᠯᠡᠬᠡᠢ ᠶ᠋ᠢᠨ ᠨᠢᠵᠡᠭᠡᠳ ᠬᠣᠰᠢᠭᠠᠳ ᠥᠨᠴᠥᠭ ᠵᠣᠪᠬᠢᠰ ᠲᠤᠷ ᠬᠣᠴᠣᠷᠤᠨ ᠦᠯᠡᠳᠡᠵᠦ᠂ ᠥᠷᠥᠨ᠎ᠡ ᠤᠮᠠᠷ᠎ᠠ ᠶ᠋ᠢᠨ ᠲᠠᠪᠤ ᠭᠤᠷᠪᠠᠨ ᠬᠡᠴᠡ ᠬᠢᠵᠠᠭᠠᠷ ᠢ᠋ ᠡᠵᠡᠯᠡᠨ ᠰᠠᠭᠤᠵᠤ᠂ ᠭᠤᠷᠪᠠᠨ ᠮᠢᠩᠭᠠᠨ ᠣᠨ ᠤ᠋ ᠳᠣᠲᠣᠷ᠎ᠠ ᠳᠣᠯᠣᠭᠠᠨ ᠵᠡᠷᠭᠡ ᠭᠡᠢᠭᠡᠨ ᠮᠠᠨᠳᠤᠬᠤ ᠶ᠋ᠢ ᠡᠰᠢ ᠦᠵᠡᠭᠦᠯᠦᠨ᠂ ᠪᠠᠳᠠᠷᠠᠩᠭᠤᠢ ᠴᠠᠭᠠᠨ ᠰᠦᠯᠳᠡ ᠲᠡᠭᠷᠢ ᠡᠴᠢᠭᠡ ᠳᠣᠯᠣᠭᠠᠨ ᠰᠠᠷ᠎ᠠ ᠶ᠋ᠢᠨ ᠰᠢᠨ᠎ᠡ ᠶ᠋ᠢᠨ ᠳᠣᠯᠣᠭᠠᠨ ᠤ᠋ ᠰᠥᠨᠢ᠂ ᠠᠯᠲᠠᠨ ᠡᠬᠡ ᠲᠠᠢᠬᠡᠦ ᠶ᠋ᠢᠨ ᠵᠡᠭᠦᠳᠦᠨ᠎ᠡ ᠣᠷᠣᠵᠤ ᠠᠰᠠᠷᠠᠨ ᠨᠢᠭᠦᠯᠡᠰᠬᠦᠢ ᠶ᠋ᠢ ᠦᠵᠡᠭᠦᠯᠵᠦᠬᠦᠢ᠃ ᠶᠠᠮᠪᠠᠷ ᠠᠶᠤᠮᠰᠢᠭ ᠦᠭᠡᠢ᠂ ᠲᠠᠨ ᠤ᠋ ᠪᠦᠭᠦᠳᠡᠭᠡᠷ ᠦ᠋ᠨ ᠬᠦᠴᠦᠯᠡᠨ ᠨᠥᠮᠥᠷᠭᠡᠭᠰᠡᠨ ᠬᠠᠭᠠᠨ ᠤ᠋ ᠨᠡᠷ᠎ᠡ ᠶ᠋ᠢ ᠡᠭᠦᠷᠴᠦ ᠪᠠᠢᠭᠠᠳ ᠪᠠᠰᠠ ᠶᠠᠮᠪᠠᠷ ᠠᠶᠤᠮᠰᠢᠭ ᠦᠭᠡᠢ᠂ ᠬᠠᠭᠠᠨ ᠬᠥᠮᠦᠨ ᠦ᠌ ᠬᠠᠲᠠᠭᠤ ᠪᠡᠷᠬᠡᠰᠢᠶᠡᠯᠲᠦ ᠦᠢᠯᠡᠰ ᠶᠠᠪᠤᠳᠠᠯ ᠢ᠋ ᠦᠯᠦ ᠬᠢᠴᠢᠶᠡᠨ ᠭᠦᠢᠴᠡᠳᠬᠡᠮᠦᠢ ?》ᠬᠡᠮᠡᠭᠰᠡᠨ ᠳ᠋ᠦ᠍ᠷ ᠲᠥᠷᠥ ᠳᠦᠭᠦᠷᠡᠩ ᠵᠠᠭᠤᠨ ᠲᠦᠰᠢᠮᠡᠳ ᠰᠣᠨᠣᠰᠤᠭᠰᠠᠭᠠᠷ ᠰᠦᠨᠡᠰᠦᠨ ᠤᠨᠠᠵᠤ᠂ ᠴᠢᠩᠨᠠᠭᠰᠠᠭᠠᠷ ᠴᠡᠴᠡᠷᠡᠨ ᠲᠠᠭᠵᠠᠯᠴᠠᠨ᠂ ᠰᠢᠳᠦᠨ ᠰᠦᠰᠦᠭᠯᠡᠵᠦ ᠪᠡᠶᠡᠰᠦᠨ ᠪᠢᠰᠢᠷᠡᠭᠡᠳ ᠲᠥᠷᠥ ᠳᠦᠭᠦᠷᠡᠩ ᠰᠥᠭᠥᠳᠴᠦ《ᠲᠦᠮᠡᠨ ᠨᠠᠰᠤᠲᠤ ! 》ᠭᠡᠮᠡᠨ ᠳᠠᠭᠤᠳᠠᠯᠴᠠᠨ ᠮᠥᠷᠭᠥᠪᠡᠢ᠃