ᠬᠤᠯᠠᠨ ᠬᠠᠲᠤᠨ ᠤ ᠪᠦᠷᠢᠯᠸ᠎ᠠ – ᠶᠣᠨᠳᠣᠨ ᠤ ᠪᠢᠯᠢᠭ᠌ - ᠪᠠᠭᠠᠲᠤᠷ Хулан хатны бүрэлваа - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠯᠠᠨ ᠬᠠᠲᠤᠨ ᠤ ᠪᠦᠷᠢᠯᠸ᠎ᠠ – ᠶᠣᠨᠳᠣᠨ ᠤ ᠪᠢᠯᠢᠭ᠌ - ᠪᠠᠭᠠᠲᠤᠷ Хулан хатны бүрэлваа - Ёндоны Билиг - Баатар

ᠬᠤᠯᠠᠨ ᠬᠠᠲᠤᠨ ᠤ ᠪᠦᠷᠢᠯᠸ᠎ᠠ – ᠶᠣᠨᠳᠣᠨ ᠤ ᠪᠢᠯᠢᠭ᠌ - ᠪᠠᠭᠠᠲᠤᠷ Хулан хатны бүрэлваа - Ёндоны Билиг - Баатар

2024-05-29

230

ᠬᠤᠯᠠᠨ ᠬᠠᠲᠤᠨ ᠤ ᠪᠦᠷᠢᠯᠸ᠎ᠠ


 ᠲᠡᠭᠷᠢ ᠶ᠋ᠢᠨ ᠳᠠᠭᠢᠨᠢ ᠠ᠋ᠴᠠ ᠴᠤ᠌ ᠲᠠᠰᠤᠷᠬᠠᠢ ᠭᠣᠢᠳᠠ ᠦᠵᠡᠰᠬᠦᠯᠡᠩ 
 ᠲᠡᠮᠦᠵᠢᠨ ᠴᠢᠩᠭᠢᠰ ᠦ᠋ᠨ ᠬᠤᠯᠠᠨ ᠬᠠᠲᠤᠨ ᠤ᠋ ᠪᠦᠷᠢᠯᠸ᠎ᠠ ᠳ᠋ᠠᠷᠢᠮ᠎ᠠ ᠬᠡᠦᠬᠡᠨ 
 ᠲᠡᠭᠷᠢ ᠠᠭᠤᠯᠠ ᠶ᠋ᠢᠨ ᠲᠣᠷᠭᠠᠨ ᠵᠥᠭᠡᠯᠡᠬᠡᠨ ᠬᠠᠨᠠᠭᠠᠷ ᠬᠣᠷᠮᠣᠢ ᠳ᠋ᠤ᠌ 
 ᠲᠦᠮᠡᠨ ᠦ᠌ ᠡᠬᠢ ᠶ᠋ᠢᠨ ᠦᠦᠷᠰᠡᠭᠡᠨ ᠳᠤᠮᠳᠠᠭᠤᠷ ᠲᠥᠷᠥᠭᠰᠡᠨ ᠭᠡᠪᠡᠦ ᠳᠡ 
 ᠲᠡᠭᠦᠰ ᠲᠡᠭᠰᠢ ᠲᠦᠮᠡᠨ ᠳᠠᠷᠬᠠᠯᠠᠭ᠎ᠠ ᠲᠠᠢ ᠰᠠᠢᠬᠠᠨ ᠠᠷᠠᠨᠰᠢᠨ 
 ᠳᠣᠷᠣᠨ᠎ᠠ ᠶ᠋ᠢᠨ ᠰᠣᠩᠭᠣᠳᠠᠭ ᠲᠤᠶᠠᠬᠠᠨ ᠥᠬᠢᠨ ᠵᠠᠶᠠᠭᠠᠨ ᠤ᠋ ᠠᠶᠠᠯᠠᠭᠤ 
 ᠠᠩᠬᠢᠯᠤᠮ᠎ᠠ ᠬᠠᠩᠬᠤᠯᠤᠮ᠎ᠠ ᠠᠰᠬᠠᠷᠠᠮ᠎ᠠ ᠲᠤᠶᠠᠭᠠᠷᠠᠮ᠎ᠠ ᠦᠨᠦᠷ 
 ᠶᠠᠲᠤᠭ᠎ᠠ ᠶ᠋ᠢᠨ ᠡᠭᠡᠰᠢᠭᠯᠡᠩ ᠮᠡᠲᠦ ᠰᠣᠨᠣᠰᠬᠤᠯᠠᠩᠲᠤ ᠦᠭᠡ ᠶᠠᠷᠢᠶ᠎ᠠ 
 ᠦᠭᠡᠢ ᠶᠡᠷᠦᠨᠢ ᠡᠨᠡ ᠠᠯᠢᠪᠠ ᠲᠡᠭᠦᠯᠳᠡᠷ ᠬᠠᠢᠯᠤᠮ᠎ᠠ ᠪᠦᠬᠦᠨ ᠴᠢᠨᠢ 
 ᠦᠨᠡᠨ ᠦ᠌ ᠬᠣᠷᠸ᠎ᠠ ᠶ᠋ᠢᠨ ᠬᠠᠷᠠᠩᠭᠤᠢ ᠪᠤᠯᠤᠩ ᠢ᠋ ᠭᠡᠢᠭᠦᠯᠦᠭᠡᠳ ᠪᠠᠢᠨᠠᠤ ᠳᠠ 
 ᠠᠮᠢᠨ ᠰᠦᠨᠡᠰᠦᠨ ᠦ᠌ ᠴᠢᠩ ᠵᠥᠪ ᠲᠥᠪ ᠰᠤᠤ ᠤᠬᠠᠭᠠᠨᠲᠠᠢ 
 ᠠᠲᠠᠭᠠᠷᠬᠠᠬᠤ ᠦᠭᠡᠢ ᠪᠠᠢᠬᠤ ᠶ᠋ᠢᠨ ᠠᠷᠭ᠎ᠠ ᠦᠭᠡᠢ ᠴᠢᠮᠠᠲᠤ 
 ᠠᠢᠯ ᠤ᠋ᠨ ᠮᠢᠩᠭ᠎ᠠ ᠮᠢᠩᠭᠠᠨ ᠵᠢᠪᠬᠤᠭᠠᠯᠢᠭ ᠬᠡᠢᠮᠣᠷᠢᠯᠢᠭ ᠵᠠᠯᠠᠭᠤᠰ 
 ᠳᠤᠷᠠᠯᠠᠬᠤ ᠦᠭᠡᠢ ᠪᠠᠢᠬᠤ ᠶ᠋ᠢᠨ ᠶᠠᠮᠠᠷᠴᠤ ᠠᠷᠭ᠎ᠠ ᠦᠭᠡᠢ 
 ᠳᠤᠷᠠᠯᠠᠭᠰᠠᠨ ᠤ᠋ ᠪᠠᠨ ᠦᠢᠯᠡ ᠶ᠋ᠢᠨ ᠦᠷ᠎ᠡ ᠶ᠋ᠢ 
 ᠳᠠᠬᠢᠨ ᠳᠠᠪᠲᠠᠨ ᠠᠮᠰᠠᠬᠤ ᠦᠭᠡᠢ ᠪᠠᠢᠬᠤ ᠶ᠋ᠢᠨ ᠪᠠᠰᠠ ᠠᠷᠭ᠎ᠠ ᠦᠭᠡᠢ 
 ᠳᠤᠷᠠᠯᠠᠭᠤᠯᠬᠤ ᠶ᠋ᠢᠨ ᠰᠢᠳᠢᠲᠦ ᠲᠤᠤᠯᠢᠰᠯᠢᠭ ᠵᠢᠰᠦ ᠭᠠᠯᠪᠢᠷ ᠴᠢᠨᠢ 
 ᠲᠤᠤᠯᠢᠮ᠎ᠠ ᠬᠣᠷᠸ᠎ᠠ ᠳ᠋ᠤ᠌ ᠬᠣᠣᠰ ᠦᠭᠡᠢ ᠰᠠᠶ᠎ᠠ ᠵᠢᠸ᠎ᠠ ᠭᠡᠷᠡᠯ ᠤᠴᠢᠷ 
 ᠳᠡᠩᠳᠡᠭᠦᠦ ᠳᠡᠩᠳᠡᠭᠦᠦ ᠳᠡᠩᠳᠡᠭᠦᠦ ᠯᠤᠲᠤ ᠭᠠᠢᠬᠠᠮᠰᠢᠭ ᠲᠠᠢ 
 ᠳᠤᠷᠠᠯᠠᠭᠤᠯᠤᠭᠰᠠᠨ ᠤ᠋ ᠪᠠᠨ ᠭᠠᠯ ᠬᠠᠯᠠ ᠶ᠋ᠢ ᠳᠠᠭᠠᠭᠠᠬᠤ ᠤᠤ ᠳ᠋ᠠᠷᠢᠮ᠎ᠠ ᠠ᠋  
 ᠳᠡᠷ᠎ᠡ ᠶ᠋ᠢᠨ ᠰᠠᠯᠬᠢᠨ ᠤ᠋ ᠲᠡᠰᠪᠦᠷᠢᠯᠡᠰᠢ ᠦᠭᠡᠢ ᠠᠮᠲᠠ ᠶ᠋ᠢ 
 ᠳᠡᠷᠭᠡᠳᠡᠬᠢ ᠠᠯᠢ ᠬᠡᠨ ᠬᠠᠨ ᠬᠥᠪᠡᠭᠦᠨ ᠴᠢᠮᠠᠲᠠᠢ ᠴᠣᠭ ᠠᠮᠰᠠᠭᠰᠠᠨ ᠶᠤᠮ ᠪᠣᠢ 
 ᠰᠢᠨ᠎ᠡ ᠬᠠᠪᠤᠷ ᠤ᠋ᠨ ᠬᠠᠰ ᠴᠠᠰᠤᠨ ᠤ᠋ ᠳᠣᠣᠷ᠎ᠠ ᠠ᠋ᠴᠠ 
 ᠡᠭᠡᠯᠢᠲᠦ ᠨᠠᠷᠠᠨ ᠤ᠋ ᠨᠣᠶᠠᠨ ᠳᠤᠯᠠᠭᠠᠨ ᠭᠡᠷᠡᠯ ᠢᠯᠴᠢᠨ ᠳ᠋ᠦ᠍ 
 ᠢᠨᠢᠶᠡᠵᠦ ᠪᠠᠢᠭ᠎ᠠ ᠶᠤᠮᠰᠢᠭ ᠳᠡᠯᠭᠡᠷᠡᠬᠦ ᠠᠭᠱᠠᠨ ᠬᠣᠷᠣᠮᠬᠠᠨ ᠤ᠋ 
 ᠢᠷᠭᠤᠢ ᠶ᠋ᠢᠨ ᠴᠠᠪ ᠴᠡᠩᠬᠡᠷ ᠳᠡᠯᠪᠢᠭᠡᠨ ᠠᠳᠠᠯᠢ 
 ᠲᠡᠭᠡᠲᠡᠯ᠎ᠡ ᠪᠡᠨ ᠭᠠᠢᠬᠠᠮᠰᠢᠭ ᠭᠣᠴᠣ ᠰᠠᠢᠬᠠᠨ ᠲᠥᠷᠥᠭᠡᠳ 
 ᠲᠦᠮᠡᠨ ᠦ᠌ ᠮᠡᠯᠮᠡᠢ ᠳ᠋ᠦ᠍ ᠨᠠᠷᠠ ᠰᠠᠷᠠ ᠣᠳᠣᠨ ᠰᠢᠭ᠋ ᠰᠠᠴᠤᠷᠠᠭᠠᠳ 
 ᠴᠣᠬᠣᠮ ᠶᠠᠭᠠᠬᠢᠬᠤ ᠭᠡᠰᠡᠨ ᠶᠦᠮ ᠪᠣᠢ ᠳ᠋ᠠᠷᠢᠮ᠎ᠠ ᠬᠡᠦᠬᠡᠨ ᠠ᠋ 
 ᠴᠣᠯ ᠠᠷᠢᠭᠤᠨ ᠤ᠋ ᠳᠡᠭᠡᠵᠢ ᠪᠣᠯᠤᠭᠠᠳ ᠶᠠᠭᠠᠬᠢᠬᠤ ᠭᠡᠰᠡᠨ ᠶᠦᠮ ᠪᠣᠢ 
 ᠠᠶ᠎ᠠ᠂ ᠲᠦᠮᠡᠨ ᠭᠠᠯᠪᠠ ᠳ᠋ᠤ᠌ ᠲᠠᠬᠢᠵᠤ ᠳᠡᠯᠡᠬᠡᠢ ᠳ᠋ᠦ᠍ ᠲᠥᠷᠥᠬᠦ ᠦᠭᠡᠢ 
 ᠠᠯᠲᠠᠢ ᠶ᠋ᠢᠨ ᠬᠣᠣᠰ ᠭᠠᠩᠭᠠᠩ ᠥᠬᠢᠨ ᠵᠠᠶᠠᠭᠠᠨ ᠤ᠋ ᠴᠢᠮᠠᠲᠤ 
 ᠢᠷᠠᠭᠤ ᠨᠠᠢᠷᠠᠭ ᠪᠢᠴᠢᠬᠦ ᠦᠭᠡᠢ ᠪᠠᠢᠬᠤ ᠶ᠋ᠢᠨ ᠠᠷᠭ᠎ᠠ ᠦᠭᠡᠢ 
 ᠶᠢᠷᠲᠢᠨᠴᠦ ᠶ᠋ᠢᠨ ᠬᠠᠮᠤᠭ ᠡᠷᠡᠴᠦᠳ ᠦ᠋ᠨ ᠬᠣᠷᠣᠬᠠᠢ ᠶ᠋ᠢ ᠰᠣᠭᠲᠣᠭᠣᠬᠣᠢ 
 ᠶᠡᠷᠦ ᠪᠤᠰᠤ ᠶ᠋ᠢᠨ ᠣᠶᠤᠨᠲᠤ ᠥᠬᠢᠨ ᠴᠢᠮ᠎ᠠ ᠲᠠᠢ ᠪᠤᠮᠠᠨ ᠵᠠᠯᠠᠭᠤᠰ 
 ᠹᠷᠠᠨᠼᠢ ᠶ᠋ᠢᠨ ᠫᠠᠷᠢᠰ ᠤ᠋ᠨ ᠢᠯᠠᠭᠤᠭᠰᠠᠨ ᠡᠭᠦᠳᠡᠨ ᠦ᠌ ᠳᠣᠣᠷ᠎ᠠ 
 ᠪᠣᠯᠵᠣᠬᠤ ᠦᠭᠡᠢ ᠪᠠᠢᠬᠤ ᠶ᠋ᠢᠨ ᠶᠠᠭ ᠠᠷᠭ᠎ᠠ ᠦᠭᠡᠢ ᠶ᠋ᠢ 
 ᠴᠣᠬᠣᠮ ᠪᠦᠷ ᠶᠠᠭᠠᠬᠢᠶ᠎ᠠ ᠭᠡᠮ ᠠ᠋ 
 ᠮᠥᠩᠬᠡ ᠲᠡᠭᠷᠢ ᠶ᠋ᠢᠨ ᠬᠡᠰᠢᠭ ᠮᠢᠨᠢ ᠠ᠋ 
 ᠳᠠᠷᠢ ᠶ᠋ᠢᠨ ᠪᠢᠰᠢ ᠳᠠᠢᠴᠢᠨ ᠦᠨᠦᠷ ᠮᠥᠰᠥ ᠪᠡᠷ ᠢ᠋ᠶ᠋ᠡᠨ 
 ᠲᠡᠢᠨ ᠬᠤᠳᠠᠯᠳᠤᠭᠠᠨ ᠤ᠋ ᠲᠠᠯᠠᠪᠤᠷ ᠲᠤ᠌ ᠮᠠᠩᠯᠠᠢᠯᠠᠬᠤ ᠳ᠋ᠠᠭᠠᠨ 
 ᠳᠠᠢᠯᠠᠨ ᠪᠠᠢᠯᠳᠤᠨ ᠳᠠᠭᠠᠭᠤᠯᠤᠭᠴᠢ ᠶ᠋ᠢᠨ ᠷᠢᠳᠢᠲᠦ ᠬᠦᠴᠦᠨ ᠢ᠋ᠶ᠋ᠡᠨ 
 ᠲᠠᠪᠰᠢᠬᠤ ᠥᠷᠢᠰᠦᠬᠦ ᠶ᠋ᠢᠨ ᠶᠠᠮᠠᠷ ᠮᠤᠨᠳᠠᠭ ᠰᠢᠳᠤᠷᠭᠤ ᠠᠪᠢᠶᠠᠰ ᠢ᠋ᠶ᠋ᠠᠨ 
 ᠠᠯᠲᠠᠨ ᠰᠥᠮᠪᠥᠷᠯᠢᠭ ᠥᠨᠳᠥᠷᠯᠢᠭ ᠦ᠋ᠨ ᠭᠡᠭᠡᠨ ᠰᠠᠨᠰᠠᠷᠯᠢᠭ ᠣᠷᠭᠢᠯ 
 ᠠᠯᠲᠠᠢ ᠶ᠋ᠢᠨ ᠠᠤᠭ᠎ᠠ ᠠᠭᠤᠯᠠᠰ ᠢ᠋ᠶ᠋ᠠᠷ ᠢ᠋ᠶ᠋ᠠᠨ ᠠᠳᠢᠰᠯᠠᠭᠤᠯᠵᠤ ᠣᠯᠤᠭ᠎ᠠ ᠤᠤ 
 ᠠᠪᠤ ᠯᠠ ᠡᠵᠢ ᠶ᠋ᠢᠨ ᠢ᠋ᠶ᠋ᠡᠨ ᠴᠢᠰᠤᠨ ᠰᠦᠨ ᠤᠳᠤᠮ ᠠ᠋ᠴᠠ ᠬᠦᠷᠲᠡᠭᠡ ᠤᠤ 
 ᠠᠯᠢ ᠡᠰᠡᠪᠡᠯ ᠠᠭᠤᠤ ᠮᠡᠷᠭᠡᠨ ᠠᠰᠢᠳᠠ ᠶ᠋ᠢᠨ ᠮᠥᠩᠬᠡ ᠲᠡᠭᠷᠢ 
 ᠠᠳᠠᠯᠢᠳᠬᠠᠭᠳᠠᠰᠢ ᠦᠭᠡᠢ ᠡᠪᠦᠭᠡ ᠳᠡᠭᠡᠳᠦᠰ ᠡᠴᠡ ᠪᠡᠨ ᠠᠪᠤᠭ᠎ᠠ ᠤᠤ 
 ᠳᠡᠯᠡᠬᠡᠢ ᠨᠡᠢᠭᠡᠮ ᠳᠠᠶᠠᠩ ᠳ᠋ᠤ᠌ ᠥᠬᠢᠨ ᠵᠠᠶᠠᠭᠠᠨ ᠳ᠋ᠤ᠌ ᠲᠥᠷᠥᠪᠡᠯ 
 ᠲᠠᠨ ᠰᠢᠭ᠋ ᠲᠤᠢᠯᠪᠤᠷᠢᠲᠠᠢ ᠭᠣᠶᠣ ᠲᠥᠷᠥᠬᠦ ᠶ᠋ᠢ ᠬᠡᠨ ᠬᠦᠰᠡᠬᠦ ᠦᠭᠡᠢ ᠪᠣᠢ 
 ᠳᠡᠷᠭᠡᠳᠡ ᠴᠢᠨᠢ ᠵᠡᠷᠭᠡᠴᠡᠨ ᠠᠯᠬᠤᠯᠠᠬᠤ ᠳ᠋ᠠᠭᠠᠨ ᠬᠥᠭᠡᠷᠦᠬᠦᠢ ᠡᠷᠡᠴᠦᠳ 
 ᠳᠡᠯᠪᠡᠷᠡᠲᠡᠯ᠎ᠡ ᠪᠡᠨ ᠪᠠᠶᠠᠰᠤᠭᠠᠳ ᠥᠪᠡᠷ ᠦ᠋ᠨ ᠡᠷᠬᠡ ᠦᠭᠡᠢ ᠳᠡᠭᠳᠡᠬᠦ ᠶᠦᠮ 
 ᠲᠡᠰᠴᠦ ᠶᠠᠳᠠᠭᠠᠳ ᠨᠢᠭᠦᠯᠡᠰᠦᠩᠭᠦᠢ ᠨᠢᠭᠡᠮᠦᠰᠦᠨ ᠪᠠᠰᠠ ᠳᠡᠯᠭᠡᠷᠡᠬᠦ ᠶᠦᠮ 
 ᠳᠡᠩᠳᠡᠭᠦᠦ ᠳᠡᠩᠳᠡᠭᠦᠦ ᠬᠠᠢᠷ᠎ᠠ ᠶ᠋ᠢᠨ ᠳ᠋ᠠᠷᠢᠮ᠎ᠠ ᠭᠡᠵᠦ ᠳᠠᠭᠤᠯᠠᠬᠤ ᠶᠤᠮ ᠳᠠ 
 ᠳᠡᠷ᠎ᠡ ᠪᠡᠨ ᠱᠠᠯ ᠬᠠᠯ ᠳᠡᠪᠲᠦᠲᠡᠯ᠎ᠡ ᠪᠡᠨ ᠵᠠᠷᠢᠮ ᠨᠢ ᠪᠠᠰᠠ ᠤᠬᠢᠯᠠᠬᠤ ᠶᠤᠮ 
 ᠳᠡᠷᠭᠡᠳᠡ ᠴᠢᠨᠢ ᠡᠭᠦᠷᠢᠳᠡ ᠪᠠᠢᠵᠤ ᠴᠢᠳᠠᠬᠤ ᠦᠭᠡᠢ ᠶ᠋ᠢᠨ ᠬᠠᠷᠠᠭ᠎ᠠ ᠪᠠᠢᠯᠭᠦᠢ 
    ᠁  ᠁  ᠁  
 ᠠᠶ᠎ᠠ! ᠥᠬᠢᠨ ᠵᠠᠶᠠᠭᠠᠨ ᠤ᠋ ᠠᠮᠢᠳᠤ ᠬᠥᠭᠡᠷᠦᠬᠦᠨ ᠠᠯᠮᠠᠰ ᠡᠷᠳᠡᠨᠢᠰ 
 ᠠᠢᠬᠤᠪᠲᠤᠷ ᠭᠣᠢᠳᠠ ᠳ᠋ᠠᠷᠢᠮ᠎ᠠ ᠬᠡᠦᠬᠡᠨ ᠰᠢᠭ ᠲᠥᠷᠥᠴᠢᠬᠦᠯᠡᠷ 
 ᠠᠯᠠᠭ ᠲᠠᠢ ᠪᠤᠯᠠᠭ ᠲᠠᠢ ᠶᠢᠷᠲᠢᠨᠴᠦ ᠶ᠋ᠢᠨ ᠡᠷᠡᠴᠦᠳ ᠦ᠋ᠨ ᠭᠠᠢ ᠴᠤ᠌ ᠶᠤᠮ ᠤᠤ 
 ᠠᠯᠢ ᠡᠰᠡᠪᠡᠯ ᠨᠠᠰᠤᠨ ᠤ᠋ ᠠᠮᠠᠷᠠᠭ ᠭᠠᠭᠴᠠᠬᠠᠨ ᠪᠠᠢᠳᠠᠭ ᠤ᠋ᠨ ᠦᠢᠯᠡ ᠤᠤ 
 ᠶᠡᠬᠡ ᠢᠳᠡᠷ ᠦ᠋ᠨ ᠥᠨᠳᠥᠷ ᠪᠤᠭᠤᠷᠤᠯ ᠳᠠᠪᠠᠭᠠᠨ ᠳ᠋ᠤ᠌ ᠠᠪᠠᠷᠢᠭ᠌ᠰᠠᠨ 
 ᠡᠳᠦᠭᠡ ᠶ᠋ᠢᠨ ᠪᠢᠳᠡᠨ ᠮᠡᠲᠦᠰ ᠨᠢ ᠡᠭᠦᠨ ᠦ᠌ ᠤᠬᠠᠭᠠᠨ ᠢ᠋ ᠦᠯᠦ ᠣᠯᠤᠮᠤᠢ 
 ᠳᠡᠩᠳᠡᠭᠦᠦ ᠳᠡᠩᠳᠡᠭᠦᠦ ᠳᠡᠩᠳᠡᠭᠦᠦ ᠬᠠᠢᠷ᠎ᠠ ᠶ᠋ᠢᠨ ᠳ᠋ᠠᠷᠢᠮ᠎ᠠ ᠬᠡᠦᠬᠡᠨ ᠯᠡ 
 ᠲᠠᠷᠢᠬᠢ ᠵᠢᠷᠦᠬᠡ ᠬᠠᠢᠯᠲᠠᠯ᠎ᠠ ᠰᠠᠨᠠᠭᠳᠠᠭᠠᠳ ᠰᠠᠨᠠᠭᠳᠠᠭᠠᠳ ᠯᠠ ᠭᠡᠵᠦ 
 ᠲᠡᠭᠷᠢ ᠭᠠᠵᠠᠷ ᠤ᠋ᠨ ᠠᠢ ᠴᠢᠯᠥᠭᠡᠨ ᠳ᠋ᠦ᠍ ᠶᠠᠭᠠᠬᠢᠬᠤ ᠪᠠᠨ ᠮᠠᠲᠠᠯ ᠦᠭᠡᠢ 
 ᠲᠦᠮᠡᠨ ᠲᠦᠮᠡᠨ ᠭᠣᠷᠢᠳᠠᠯ ᠵᠠᠯᠭᠢᠯᠠᠭᠰᠠᠨ ᠵᠠᠯᠠᠭᠤᠰ ᠳᠡᠩᠰᠡᠯᠡᠨ᠎ᠡ ᠭᠡᠵᠢ ᠠ᠋ 
   ᠁  ᠬᠠᠤᠯᠢ ᠴᠠᠭᠠᠵᠠ ᠴᠤ᠌ ᠦᠭᠡᠢ ᠪᠠᠢᠭᠠᠰᠠᠢ ᠳᠠ ᠁ 
   ᠁ ᠬᠤᠯᠤᠰᠤᠨ ᠶᠤ᠌ ᠲᠠᠰᠢᠭᠤᠷ ᠢ᠋ᠶ᠋ᠠᠨ ᠡᠷᠭᠢᠭᠦᠯᠬᠦ ᠦᠭᠡᠢ ᠤᠤ ᠳᠠ  ᠁ 

   ᠁ ᠁   

                2024᠂  1᠂ 31᠃ ᠦᠳᠡ ᠶ᠋ᠢᠨ ᠬᠣᠢᠨ᠎ᠠ᠃  
                 
                   ᠬᠥᠬᠡᠬᠣᠲᠠᠨ᠎ᠠ ᠣᠩᠭᠣᠳ ᠠᠰᠬᠠᠷᠠᠮ᠎ᠠ ᠪᠦᠲᠦᠭᠡᠪᠡᠢ᠃