ᠲᠣᠯᠣᠭᠠᠢ ᠶᠣᠷᠳᠣᠭᠰᠠᠨ ᠨᠠᠢᠷᠠᠭᠴᠢ– ᠶᠣᠨᠳᠣᠨ ᠤ ᠪᠢᠯᠢᠭ᠌ - ᠪᠠᠭᠠᠲᠤᠷ Толгой ёрдсон найрагч - Ёндоны Билиг - Баатар
ᠲᠣᠯᠣᠭᠠᠢ ᠶᠣᠷᠳᠣᠭᠰᠠᠨ ᠨᠠᠢᠷᠠᠭᠴᠢ
ᠳᠣᠷᠵᠢᠵᠠᠪ ᠤ᠋ᠨ ᠪᠥᠬᠡᠴᠢᠯᠠᠭᠤ ᠳ᠋ᠤ᠌
ᠳᠣᠲᠣᠭᠠᠳᠤ ᠶᠢᠷᠲᠢᠨᠴᠦ ᠳ᠋ᠡᠭᠡᠨ
ᠬᠠᠭᠤᠷᠠᠢ ᠲᠣᠢᠮᠤᠷ ᠲᠠᠢᠬᠠᠨ
ᠭᠠᠳᠠᠭᠠᠳᠤ ᠥᠩᠭᠡᠨ ᠳ᠋ᠡᠭᠡᠨ
ᠨᠣᠢᠲᠠᠨ ᠪᠣᠷᠣᠭᠠᠨ ᠲᠠᠢᠬᠠᠨ
ᠲᠣᠯᠣᠭᠠᠢ ᠶᠣᠷᠳᠣᠭᠰᠠᠨ ᠨᠠᠢᠷᠠᠭᠴᠢ
ᠲᠤᠩ ᠴᠤ᠌ ᠬᠥᠩᠭᠡᠨ ᠠᠭᠠᠰᠢᠨ
ᠭᠠᠢᠬᠠᠮᠠᠷ ᠨᠠᠮᠤᠭᠤᠬᠠᠨ ᠰᠡᠳᠬᠢᠴᠢ
ᠭᠠᠢᠭᠤᠢ ᠰᠢᠳᠤᠷᠭᠤ ᠮᠠᠯᠴᠢᠨ
ᠨᠠᠷᠠᠨ ᠤ᠋ ᠥᠭᠡᠳᠡ ᠡᠴᠡ ᠱᠠᠭᠰᠢᠬᠤᠢ
ᠪᠣᠲᠣᠭᠣᠨ ᠪᠣᠷᠣ ᠨᠢᠳᠦᠲᠡᠨ
ᠨᠠᠷᠮᠠᠢ ᠮᠣᠩᠭᠣᠯ ᠤ᠋ᠨ ᠭᠠᠯ ᠮᠠᠨᠠᠬᠤᠢ
ᠪᠣᠳᠣᠯᠭ᠎ᠠ ᠰᠢᠵᠢᠷᠠᠭᠤ ᠵᠢᠷᠦᠬᠡᠲᠡᠨ
ᠵᠢᠷᠤᠮ ᠤ᠋ᠨ ᠲᠠᠩᠭᠠᠷᠢᠭ ᠨᠢ ᠠᠬᠠᠳᠠᠮᠠᠷ
ᠵᠢᠯᠣᠭᠣ ᠬᠥᠨᠲᠥᠷᠢᠭᠰᠡᠨ ᠵᠣᠷᠢᠭᠲᠠᠨ
ᠵᠣᠷᠢᠭᠰᠠᠨ ᠳ᠋ᠠᠭᠠᠨ ᠵᠠᠪᠠᠯ ᠴᠤ᠌ ᠬᠦᠷᠳᠡᠭ
ᠵᠥᠪ ᠵᠠᠮ ᠤ᠋ᠨ ᠠᠭᠤᠯᠵᠠᠭᠤᠷᠲᠠᠨ
ᠵᠣᠪᠠᠯᠠᠩ ᠢ᠋ᠶ᠋ᠠᠨ ᠬᠥᠩᠭᠡᠯᠡᠵᠦ ᠴᠢᠳᠠᠳᠠᠭ ᠯᠠ
ᠵᠢᠪᠬᠤᠯᠠᠩ ᠲᠡᠭᠦᠯᠳᠡᠷ ᠲᠠᠢᠵᠢᠲᠠᠨ
2024᠂ 5᠂ 3᠃ ᠦᠳᠡ ᠬᠣᠢᠨ᠎ᠠ᠃
ᠰᠢᠯᠦᠭ ᠪᠦᠲᠦᠭᠡᠳᠡᠭ ᠰᠢᠷᠭᠠᠯ ᠬᠠᠳᠠᠨ
ᠰᠢᠷᠡᠭᠡᠨ ᠳᠡᠭᠡᠷ᠎ᠡ ᠪᠡᠨ ᠬᠥᠬᠡᠬᠣᠲᠠᠨ᠎ᠠ
ᠲᠤᠩᠭᠠᠨ ᠪᠠᠢᠵᠤ ᠪᠦᠲᠦᠭᠡᠪᠡᠢ᠃
