ᠮᠣᠩᠭᠣᠯ ᠰᠣᠶᠣᠯМонгол соёл ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠰᠣᠶᠣᠯМонгол соёл

ᠮᠣᠩᠭᠣᠯ ᠰᠣᠶᠣᠯМонгол соёл

2024-05-29

688

ᠮᠣᠩᠭᠣᠯ ᠰᠣᠶᠣᠯ

ᠪᠤᠷᠬᠠᠨ ᠰᠡᠳᠬᠢᠯ ᠲᠡᠢ ᠳᠡᠭᠡᠳᠦᠰ ᠮᠢᠨᠢ 
ᠪᠣᠰᠤᠭ᠎ᠠ ᠦᠰᠦᠭ ᠢ᠋ᠶ᠋ᠡᠨ ᠡᠭᠦᠳᠬᠦ ᠳ᠋ᠦ᠍ ᠪᠡᠨ 
ᠪᠤᠴᠠᠰᠢ ᠦᠭᠡᠢ ᠬᠠᠲᠠᠭᠤ ᠵᠣᠷᠢᠭ ᠢ᠋ 
ᠪᠦᠪᠡᠢ ᠪᠢᠳᠡᠨ ᠳ᠋ᠦ᠍ ᠪᠡᠨ ᠤᠬᠠᠭᠤᠯᠤᠭᠰᠠᠨ ᠶᠤᠮ᠃
ᠪᠣᠰᠤᠭ᠎ᠠ ᠦᠰᠦᠭ— ᠪᠣᠯᠪᠠᠰᠤᠨ ᠰᠣᠶᠣᠯ 
ᠪᠦᠯᠬᠦᠮᠳᠡᠯ ᠮᠣᠩᠭᠣᠯ ᠤ᠋ᠨ ᠰᠣᠶᠣᠯ ᠤ᠋ᠨ ᠥᠪ 
 
ᠥᠷᠯᠥᠭ ᠮᠣᠩᠭᠣᠯ ᠳᠡᠭᠡᠳᠦᠰ ᠮᠢᠨᠢ 
ᠦᠶ᠎ᠡ ᠲᠡᠢ ᠦᠰᠦᠭ ᠢ᠋ᠶ᠋ᠡᠨ ᠡᠭᠦᠳᠬᠦ ᠳ᠋ᠦ᠍ ᠪᠡᠨ 
ᠦᠶ᠎ᠡ ᠤᠯᠠᠷᠢᠨ ᠬᠥᠭᠵᠢᠭᠡᠵᠦ ᠶᠠᠪᠤᠭᠠᠷᠠᠢ ᠭᠡᠳ 
ᠦᠷ᠎ᠡ ᠪᠢᠳᠡᠨ ᠳ᠋ᠦ᠍ ᠪᠡᠨ ᠤᠬᠠᠭᠤᠯᠤᠭᠰᠠᠨ ᠶᠤᠮ᠃
ᠦᠶ᠎ᠡ ᠲᠡᠢ ᠦᠰᠦᠭ— ᠥᠨᠢᠳᠡ ᠶ᠋ᠢᠨ ᠰᠣᠶᠣᠯ
ᠥᠷᠯᠥᠭ ᠮᠣᠩᠭᠣᠯ ᠤ᠋ᠨ ᠮᠢᠨᠢ ᠥᠷᠨᠢᠬᠦ ᠶ᠋ᠢᠨ ᠦᠨᠳᠦᠰᠦ

ᠴᠠᠢᠯᠭᠠᠨ ᠰᠡᠳᠬᠢᠯ ᠲᠡᠢ ᠳᠡᠭᠡᠳᠦᠰ ᠮᠢᠨᠢ
ᠴᠠᠭᠠᠨ ᠲᠣᠯᠣᠭᠠᠢ ᠶ᠋ᠢ ᠪᠡᠨ ᠡᠭᠦᠳᠬᠦ ᠳ᠋ᠦ᠍ ᠪᠡᠨ
ᠴᠢᠨᠠᠭᠰᠢᠳᠠ ᠰᠠᠢᠬᠠᠨ ᠬᠥᠭᠵᠢᠭᠡᠵᠦ ᠶᠠᠪᠤᠭᠠᠷᠠᠢ ᠭᠡᠳ
ᠴᠢᠬᠤᠯᠠᠴᠢᠯᠠᠨ ᠪᠢᠳᠡᠨ ᠳ᠋ᠦ᠍ ᠪᠡᠨ ᠤᠬᠠᠭᠤᠯᠤᠭᠰᠠᠨ ᠶᠤᠮ᠃
ᠴᠠᠭᠠᠨ ᠲᠣᠯᠣᠭᠠᠢ— ᠴᠢᠬᠤᠯᠠᠴᠢᠯᠠᠨ ᠰᠤᠷᠬᠤ ᠰᠣᠶᠣᠯ
ᠴᠠᠢᠯᠭᠠᠨ ᠮᠣᠩᠭᠣᠯ ᠤ᠋ᠨ ᠮᠢᠨᠢ ᠰᠣᠶᠣᠯ ᠤ᠋ᠨ ᠦᠷ᠎ᠡ

ᠨᠠᠢᠷᠠᠮᠳᠠᠭᠤ ᠮᠣᠩᠭᠣᠯ ᠳᠡᠭᠡᠳᠦᠰ ᠮᠢᠨᠢ
ᠨᠠᠢᠷ ᠨᠠᠭᠠᠳᠤᠮ ᠢ᠋ᠶ᠋ᠠᠨ ᠡᠭᠦᠳᠬᠦ ᠳ᠋ᠦ᠍ ᠪᠡᠨ
ᠨᠠᠴᠢᠨ ᠱᠣᠩᠬᠣᠷ ᠰᠢᠭ᠋ ᠪᠠᠭᠠᠲᠤᠷ ᠢ᠋ᠶ᠋ᠠᠨ ᠬᠥᠮᠦᠵᠢᠭᠦᠯᠦᠭᠡᠷᠡᠢ ᠭᠡᠳ
ᠨᠠᠢᠳᠠᠵᠤ ᠪᠢᠳᠡᠨ ᠳ᠋ᠦ᠍ ᠪᠡᠨ ᠤᠬᠠᠭᠤᠯᠤᠭᠰᠠᠨ ᠶᠤᠮ᠃
ᠨᠠᠢᠷ ᠨᠠᠭᠠᠳᠤᠮ— ᠨᠠᠨᠳᠢᠨ ᠰᠣᠶᠣᠯ
ᠨᠠᠢᠷᠠᠮᠳᠠᠭᠤ ᠮᠣᠩᠭᠣᠯ ᠤ᠋ᠨ ᠮᠢᠨᠢ ᠪᠠᠭᠠᠲᠤᠷ ᠤ᠋ᠨ ᠰᠣᠶᠣᠯ

ᠬᠦᠨᠳᠦᠲᠦ ᠬᠠᠢᠷᠠᠲᠤ ᠳᠡᠭᠡᠳᠦᠰ ᠮᠢᠨᠢ
ᠬᠥᠭᠵᠢᠮ ᠠᠶᠠᠰ ᠢ᠋ᠶ᠋ᠠᠨ ᠡᠭᠦᠳᠬᠦ ᠳ᠋ᠦ᠍ ᠪᠡᠨ
ᠬᠥᠬᠡ ᠮᠣᠩᠭᠣᠯ ᠰᠣᠶᠣᠯ ᠢ᠋ᠶ᠋ᠠᠨ ᠬᠥᠭᠵᠢᠭᠡᠵᠦ ᠶᠠᠪᠤᠭᠠᠷᠠᠢ ᠭᠡᠳ
ᠬᠡᠦᠬᠡᠳ ᠪᠢᠳᠡᠨ ᠳ᠋ᠦ᠍ ᠪᠡᠨ ᠤᠬᠠᠭᠤᠯᠤᠭᠰᠠᠨ ᠶᠤᠮ᠃
ᠬᠥᠭᠵᠢᠮ ᠠᠶᠠᠰ— ᠭᠦᠦᠷ ᠲᠡᠢ ᠰᠣᠶᠣᠯ
ᠬᠥᠭᠵᠢᠬᠦ ᠮᠣᠩᠭᠣᠯ ᠤ᠋ᠨ ᠮᠢᠨᠢ ᠪᠠᠶᠠᠯᠢᠭ ᠰᠣᠶᠣᠯ

       ※ ᠢᠷᠡᠯᠲᠡ᠄ ᠸᠢᠴᠠᠲ ᠰᠦᠯᠵᠢᠶ᠎ᠡ
   ᠦᠰᠦᠭ ᠠᠮᠢᠯᠠᠭᠤᠯᠤᠭᠴᠢ᠄ ᠦᠦᠰᠢᠨ ᠨᠤᠲᠤᠭ ᠲᠠᠢ— ᠭᠡᠷᠡᠯ
   ᠬᠢᠨᠠᠭᠴᠢ᠄ ᠤᠳᠬᠠᠨᠰᠣ᠎ᠠ
    2024·5·28