ᠪᠠᠶᠠᠰᠤᠩᠭᠤᠢ ᠶᠢᠨ ᠴᠢᠩ ᠴᠢᠨᠠᠷ – ᠶᠣᠨᠳᠣᠨ ᠤ ᠪᠢᠯᠢᠭ᠌ - ᠪᠠᠭᠠᠲᠤᠷ Баясангуйн чин чанар - Ёндоны Билиг - Баатар
ᠪᠠᠶᠠᠰᠤᠩᠭᠤᠢ ᠶᠢᠨ ᠴᠢᠩ ᠴᠢᠨᠠᠷ
ᠠᠯᠢ ᠦᠵᠡᠯ ᠢ᠋ ᠪᠠᠷᠢᠮᠲᠠᠯᠠᠬᠤ ᠨᠢ ᠴᠢᠬᠤᠯᠠ
ᠰᠠᠴᠤᠷᠠᠩᠭᠤᠢ ᠪᠠᠶᠠᠰᠤᠩᠭᠤᠢ ᠦᠵᠡᠯᠲᠡᠳ ᠠᠨᠤ
ᠰᠠᠭᠠᠳ ᠪᠡᠷᠬᠡ ᠡᠴᠡ ᠰᠦᠨ ᠭᠡᠷᠡᠯ ᠢ᠋ ᠯᠡ
ᠰᠥᠨᠢ ᠶ᠋ᠢᠨ ᠫᠠᠳ ᠬᠠᠷᠠᠩᠭᠤᠢ ᠳ᠋ᠤ᠌ ᠬᠠᠷᠠᠨᠠᠮ
ᠭᠤᠲᠤᠷᠠᠩᠭᠤᠢ ᠳᠤᠯᠢᠮᠠᠭ ᠦᠵᠡᠯᠲᠡᠳ ᠬᠠᠷᠢᠨ
ᠬᠠᠲᠠᠭᠤ ᠬᠦᠴᠢᠷᠳᠡᠯ ᠡᠴᠡ ᠱᠤᠯᠤᠮ ᠢ᠋ ᠯᠡ
ᠭᠡᠭᠡᠨ ᠴᠠᠭᠠᠨ ᠡᠳᠦᠷ ᠢ᠋ᠶ᠋ᠡᠷ ᠦᠵᠡᠨᠡᠮ ᠠᠵᠤᠭᠤ
ᠰᠦᠨᠡᠰᠦ ᠬᠠᠭ᠎ᠠ ᠴᠠᠷᠴᠠᠮᠠ ᠪᠣᠳᠠᠲᠤ ᠠᠬᠤᠢ
ᠰᠡᠭᠦᠳᠡᠷ ᠰᠢᠲᠠᠭᠠᠮ᠎ᠠ ᠬᠠᠷᠭᠢᠰ ᠡᠷᠢᠨ ᠳ᠋ᠦ᠍ ᠯᠡ
ᠲᠤᠶᠠᠭ᠎ᠠ ᠳᠤᠸᠠᠯᠠᠮ᠎ᠠ ᠪᠠᠶᠠᠰᠤᠩᠭᠤᠢ ᠪᠣᠳᠣᠯ
ᠲᠦᠮᠡᠨ ᠪᠡᠷᠬᠡᠰᠢᠶᠡᠯ ᠢ᠋ ᠠᠵᠢᠭ ᠦᠭᠡᠢ ᠳᠠᠪᠠᠨ
ᠲᠡᠭᠷᠢ ᠶ᠋ᠢᠨ ᠬᠠᠶᠠᠭᠠᠨ ᠤ᠋ ᠲᠡᠮᠡᠭᠡᠨ ᠵᠢᠩ ᠢ᠋
ᠲᠡᠪᠡᠨᠡ ᠶ᠋ᠢᠨ ᠨᠦᠬᠡ ᠪᠡᠷ ᠨᠡᠪᠲᠡ ᠬᠠᠷᠠᠨᠠᠮ
ᠤᠷᠲᠤ ᠨᠠᠰᠤᠯᠠᠬᠤ ᠶ᠋ᠢᠨ ᠨᠢᠭᠤᠴᠠ ᠵᠣᠷ ᠠᠨᠤ
ᠦᠷᠬᠦᠢ ᠳ᠋ᠡᠭᠡᠨ ᠪᠠᠶᠠᠰᠤᠩᠭᠤᠢ ᠪᠠᠢᠬᠤ ᠪᠤᠶᠤ
ᠬᠢᠴᠢᠶᠡᠩᠭᠦᠢ ᠪᠠᠳᠠᠷᠠᠩᠭᠤᠢ ᠪᠠᠶᠠᠰᠤᠩᠭᠤᠢ ᠠ᠋ᠴᠠ
ᠬᠡᠮᠵᠢᠶᠡᠯᠡᠰᠢ ᠦᠭᠡᠢ ᠵᠢᠷᠭᠠᠯᠠᠩ ᠡᠭᠦᠰᠦᠮᠦᠢ᠃
ᠨᠠᠰᠤᠨ ᠲᠤᠷᠰᠢᠲᠠ ᠠᠮᠤᠭᠤᠯᠠᠩ ᠢ᠋ ᠣᠯᠪᠠᠰᠤ
ᠨᠠᠨᠳᠢᠨ ᠪᠠᠲᠤ ᠵᠢᠩᠬᠢᠨᠢ ᠭᠡᠭᠡᠷᠡᠯ ᠳ᠋ᠦ᠍ ᠬᠦᠷᠦᠮᠦᠢ᠃
2024᠂ 5᠂ 3᠃ ᠦᠳᠡ ᠬᠣᠢᠨ᠎ᠠ᠃
ᠬᠥᠬᠡᠬᠣᠲᠠᠨ᠎ᠠ ᠪᠦᠲᠦᠭᠡᠪᠡᠢ᠃
