ᠬᠤᠯᠤᠰᠤᠯᠢᠭ ᠬᠠᠪᠲᠠᠭᠠᠢ ᠴᠠᠭᠠᠨ Хулслаг хавтгай цагаан ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠯᠤᠰᠤᠯᠢᠭ ᠬᠠᠪᠲᠠᠭᠠᠢ ᠴᠠᠭᠠᠨ Хулслаг хавтгай цагаан

ᠬᠤᠯᠤᠰᠤᠯᠢᠭ ᠬᠠᠪᠲᠠᠭᠠᠢ ᠴᠠᠭᠠᠨ Хулслаг хавтгай цагаан

2024-05-28

254

ᠬᠤᠯᠤᠰᠤᠯᠢᠭ ᠬᠠᠪᠲᠠᠭᠠᠢ ᠴᠠᠭᠠᠨ

          ᠦᠶᠡᠲᠦ ᠤᠷᠭᠤᠮᠠᠯ ᠤ᠋ᠨ ᠢᠵᠠᠭᠤᠷ 
    ᠰᠦᠷᠡᠯ ᠨᠢ 40—100cm ᠥᠨᠳᠥᠷ ᠰᠢᠯᠤᠭᠤᠨ ᠤᠷᠭᠤᠨ᠎ᠠ᠂ ᠳ᠋ᠢᠶᠠᠮᠧᠲ᠋ᠷ 1.5—3.5mm᠃ ᠨᠠᠪᠴᠢᠨ ᠤ᠋ ᠲᠣᠭᠳᠣᠢ ᠨᠢ ᠦᠰᠦ ᠦᠭᠡᠢ᠂ ᠭᠢᠯᠦᠭᠡᠷ ᠪᠤᠶᠤ ᠪᠠᠬᠠᠨ ᠠᠷᠵᠠᠭᠠᠷ ;  ᠨᠠᠪᠴᠢᠨ ᠤ᠋ ᠬᠡᠯᠡ ᠨᠢ ᠲᠣᠷᠭᠠᠨ
ᠬᠠᠯᠢᠰᠤᠯᠢᠭ᠂ ᠭᠢᠯᠦᠭᠡᠷ ᠰᠡᠲᠡᠷᠡᠳᠡᠭ ᠮᠤᠬᠤᠷ ᠦᠵᠦᠭᠦᠷ ᠲᠡᠢ ; ᠨᠠᠪᠴᠢ ᠨᠢ ᠪᠦᠰᠡ ᠬᠡᠯᠪᠡᠷᠢ ᠲᠡᠢ᠂ 10—28cm ᠤᠷᠲᠤ᠂1.5—5mm ᠥᠷᠭᠡᠨ᠂ ᠲᠡᠭᠰᠢᠬᠡᠨ ᠬᠠᠪᠲᠠᠭᠠᠢ ᠪᠤᠶᠤ ᠳᠣᠲᠣᠭᠰᠢ ᠬᠤᠮᠢᠷᠠᠨ᠎ᠠ᠂ ᠳᠡᠭᠡᠳᠦ ᠲᠠᠯ᠎ᠠ ᠪᠣᠯᠤᠨ ᠬᠥᠪᠡᠭᠡ ᠨᠢ ᠰᠢᠷᠦᠭᠦᠨ᠂ ᠠᠷᠤ ᠨᠢ ᠨᠡᠯᠢᠶᠡᠳ ᠭᠢᠯᠦᠭᠡᠷ ᠱᠣᠷᠣᠯᠵᠢᠨ ᠬᠡᠯᠪᠡᠷᠢᠲᠦ ᠪᠠᠭ ᠴᠡᠴᠡᠭ ᠨᠢ ᠪᠠᠬᠠᠨ ᠰᠠᠷᠪᠠᠢᠨ᠎ᠠ᠂ 12—20mm ᠤᠷᠲᠤ᠂ ᠪᠣᠯᠪᠠᠰᠤᠷᠠᠪᠠᠯ ᠬᠥᠬᠡᠪᠲᠦᠷ ᠰᠢᠷ᠎ᠠ ᠪᠤᠶᠤ ᠪᠣᠷᠣᠪᠲᠤᠷ ᠪᠣᠯᠤᠨ᠎ᠠ᠂ ᠰᠠᠯᠠᠭ᠎ᠠ ᠨᠤᠭᠤᠳ ᠨᠢ ᠪᠠᠭᠯᠠᠷᠠᠨ ᠤᠷᠭᠤᠨ᠎ᠠ᠂ ᠨᠠᠷᠢᠨ ᠪᠥᠭᠡᠳ ᠰᠢᠯᠤᠭᠤᠨ ;  ᠵᠢᠵᠢᠭ ᠲᠦᠷᠦᠭᠦᠦ ᠨᠢ 5—7mm ᠤᠷᠲᠤ ; ᠬᠣᠶᠠᠷ ᠬᠠᠯᠢᠰᠤ ᠨᠢ ᠢᠵᠢᠯ ᠪᠤᠰᠤ ᠤᠷᠲᠤ᠂ ᠪᠦᠰᠡ ᠰᠢᠭ ᠬᠠᠪᠲᠠᠭᠠᠢ ᠲᠡᠪᠡᠨᠡ ᠬᠡᠯᠪᠡᠷᠢ ᠲᠡᠢ᠂  ᠱᠤᠪᠲᠤᠭᠠᠷ ᠦᠵᠦᠭᠦᠷ ᠲᠡᠢ ;  ᠭᠠᠳᠠᠷ ᠬᠡᠪᠡᠭ ᠨᠢ ᠲᠤᠩᠭᠠᠯᠠᠭ ᠲᠣᠷᠭᠠᠨ ᠬᠠᠯᠢᠰᠤᠯᠢᠭ᠂ 2—4mm ᠤᠷᠲᠤ᠂ ᠦᠵᠦᠭᠦᠷ ᠲᠦ᠋ᠨᠢ ᠣᠨᠢ ᠦᠭᠡᠢ᠂ ᠰᠠᠭᠤᠷᠢ ᠲᠠᠪᠠᠭ ᠤ᠋ᠨ ᠤᠷᠲᠤ ᠦᠰᠦ ᠨᠢ ᠵᠢᠵᠢᠭ ᠲᠦᠷᠦᠭᠦᠦ ᠲᠡᠢ ᠢᠵᠢᠯᠬᠡᠨ ᠤᠷᠲᠤ ᠪᠤᠶᠤ ᠪᠠᠬᠠᠨ ᠣᠬᠣᠷ ;  ᠰᠤᠷ ᠨᠢ ᠭᠠᠳᠠᠷ ᠬᠡᠪᠡᠭ ᠦ᠋ᠨ ᠦᠵᠦᠭᠦᠷ ᠡᠴᠡ ᠭᠠᠷᠤᠨ᠎ᠠ᠂ ᠨᠠᠷᠢᠨ᠂ 1—3mm ᠤᠷᠲᠤ ; ᠳᠣᠲᠣᠷ ᠬᠡᠪᠡᠭ ᠨᠢ ᠭᠠᠳᠠᠷ ᠬᠡᠪᠡᠭ ᠦ᠋ᠨ ᠭᠤᠷᠪᠠᠨ ᠤ᠋ ᠨᠢᠭᠡ ᠡᠴᠡ ᠭᠤᠷᠪᠠᠨ ᠤ᠋ ᠬᠣᠶᠠᠷ ᠤ᠋ᠨ ᠴᠢᠨᠡᠭᠡ ᠤᠷᠲᠤ ;  ᠡᠷ᠎ᠡ ᠲᠣᠭᠣᠷᠴᠣᠭ ᠨᠢ ᠭᠤᠷᠪᠠ᠂ 1—2mm ᠤᠷᠲᠤ ᠰᠢᠷ᠎ᠠ ᠲᠣᠭᠣᠰᠣᠪᠴᠢ ᠲᠠᠢ᠃
    ᠭᠣᠣᠯ ᠮᠥᠷᠡᠨ ᠦ᠌ ᠬᠥᠪᠡᠭᠡ᠂ ᠠᠭᠤᠯᠠ ᠶ᠋ᠢᠨ ᠬᠠᠵᠠᠭᠤ᠂ ᠡᠯᠡᠰᠦᠷᠬᠡᠭ ᠭᠠᠵᠠᠷ᠂ ᠳᠣᠪᠣᠴᠠᠭ᠂ ᠠᠭᠤᠯᠠ ᠶ᠋ᠢᠨ ᠵᠡᠪᠡ ᠵᠢᠯᠠᠭ᠎ᠠ ᠵᠡᠷᠭᠡ ᠶ᠋ᠢᠨ ᠴᠢᠭᠢᠭᠲᠡᠢ ᠭᠠᠵᠠᠷ ᠲᠤ ᠤᠷᠭᠤᠨ᠎ᠠ᠃
   ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ᠂ ᠰᠧᠴᠤᠸᠠᠨ᠂ ᠶᠦᠨᠨᠠᠨ ᠬᠢᠭᠡᠳ ᠵᠡᠭᠦᠨ ᠬᠣᠢᠲᠤ ᠣᠷᠣᠨ᠂ ᠪᠠᠷᠠᠭᠤᠨ ᠬᠣᠢᠲᠤ ᠣᠷᠣᠨ ᠤ᠋ ᠡᠯ᠎ᠡ ᠮᠣᠵᠢ ᠣᠷᠣᠨ ᠳ᠋ᠤ᠌ ᠤᠷᠭᠤᠳᠠᠭ᠃
    ᠪᠣᠷᠳᠣᠭ᠎ᠠ ᠡᠪᠡᠰᠦ᠃ ᠤᠷᠭᠤᠯᠲᠠ ᠨᠢ ᠰᠠᠢᠨ ᠪᠥᠭᠡᠳ ᠪᠦᠯᠦᠭᠯᠡᠨ ᠤᠷᠭᠤᠬᠤ ᠲᠤᠯᠠ ᠡᠯᠡᠰᠦ ᠲᠣᠭᠲᠠᠭᠠᠬᠤ᠂ ᠡᠷᠭᠢ ᠬᠠᠮᠠᠭᠠᠯᠠᠬᠤ ᠤᠷᠭᠤᠮᠠᠯ ᠪᠣᠯᠭᠠᠳᠠᠭ᠃
    ᠬᠢᠲᠠᠳ ᠨᠡᠷ᠎ᠡ᠄假苇佛子茅
    ᠠᠩᠭ᠌ᠯᠢ ᠨᠡᠷ᠎ᠡ᠄ Calamagrostis pseudophragmites (Hall. f.) Koel.

                ᠦᠰᠦᠭ ᠠᠮᠢᠯᠠᠭᠤᠯᠤᠭᠴᠢ᠄ ᠳ·᠂ ᠡᠷᠬᠢᠮᠪᠠᠭᠠᠲᠤᠷ
                ᠬᠢᠨᠠᠭᠴᠢ᠄ ᠫᠣ· ᠴᠠᠭᠠᠨ