ᠮᠥᠷᠥᠭᠡᠳᠦᠯ- ᠳ· ᠨᠠᠴᠤᠭᠳᠣᠷᠵᠢМөрөөдөл-Д.Нацагдорж
ᠮᠥᠷᠥᠭᠡᠳᠦᠯ
ᠳ· ᠨᠠᠴᠤᠭᠳᠣᠷᠵᠢ
ᠬᠠᠪᠤᠷ ᠤ᠋ᠨ ᠨᠠᠢᠷ ᠲᠠᠢ ᠤᠯᠠᠷᠢᠯ ᠪᠠᠰᠠ ᠳᠠᠬᠢᠨ ᠢᠷᠡᠵᠦ
ᠴᠡᠴᠡᠭ ᠨᠠᠪᠴᠢ ᠳᠡᠯᠭᠡᠵᠦ ᠡᠨᠡ ᠳᠡᠯᠡᠬᠡᠢ ᠶ᠋ᠢ ᠴᠡᠴᠡᠭᠯᠡᠭᠦᠯᠦᠯᠡ᠃
ᠬᠠᠢᠷᠠᠲᠤ ᠢᠨᠠᠭ ᠴᠢ ᠮᠢᠨᠢ ᠬᠡᠵᠢᠶ᠎ᠡ ᠨᠢᠭᠡ ᠢᠷᠡᠵᠦ
ᠮᠢᠨᠦ ᠵᠢᠷᠦᠬᠡ ᠶ᠋ᠢ ᠪᠠᠶᠠᠰᠤᠭᠤᠯᠤᠨ ᠴᠡᠩᠭᠡᠭᠦᠯᠬᠦ ᠪᠣᠯ?
ᠥᠨᠳᠥᠷ ᠠᠭᠤᠯᠠ ᠶ᠋ᠢᠨ ᠣᠷᠣᠢ ᠳᠡᠭᠡᠷ᠎ᠡ ᠭᠠᠷᠤᠭᠠᠳ ᠬᠠᠷᠠᠬᠤ ᠳ᠋ᠤ᠌
ᠬᠣᠯᠠ ᠶ᠋ᠢᠨ ᠪᠠᠷ᠎ᠠ ᠡᠮᠦᠨ᠎ᠡ ᠮᠢᠨᠢ ᠴᠠᠪ ᠴᠡᠯᠡᠢᠨ ᠦᠵᠡᠭᠳᠡᠨ᠎ᠡ᠃
ᠤᠭ ᠪᠡᠶ᠎ᠡ ᠮᠢᠨᠢ ᠵᠢᠭᠦᠷ ᠲᠡᠢ ᠴᠦ᠍ ᠪᠣᠯᠤᠭᠠᠰᠠᠢ ᠳᠠ
ᠤᠭᠲᠤᠨ ᠨᠢᠰᠴᠦ ᠴᠢᠮ᠎ᠠ ᠳᠡᠭᠡᠷ᠎ᠡ ᠪᠡᠨ ᠣᠴᠢᠬᠤ ᠶᠤᠮᠰᠠᠨ᠃
ᠭᠡᠭᠡᠨ ᠨᠠᠷᠠᠨ ᠭᠡᠨᠡᠳᠲᠡ ᠣᠢᠷᠠᠲᠤᠨ ᠢᠷᠡᠵᠦ
ᠭᠡᠷᠡᠯᠲᠦ ᠰᠠᠢᠬᠠᠨ ᠵᠤᠨ ᠤ᠋ ᠤᠯᠠᠷᠢᠯ ᠴᠤ ᠪᠣᠯᠤᠯ᠎ᠠ᠃
ᠦᠨᠡᠨᠴᠢ ᠠᠮᠠᠷᠠᠭ ᠴᠢ ᠮᠢᠨᠢ ᠣᠳᠣ ᠨᠢᠭᠡ ᠤᠴᠠᠷᠠᠵᠤ
ᠮᠢᠨᠦ ᠬᠡᠩᠬᠦᠳᠡᠭ ᠲᠦ᠍ ᠵᠤᠯᠠ ᠪᠠᠷᠢᠬᠤ ᠴᠠᠭ ᠴᠤ ᠪᠣᠯᠤᠯ᠎ᠠ᠃
ᠠᠭᠠᠷ ᠲᠩᠷᠢ ᠳ᠋ᠦ᠍ ᠵᠢᠷᠭᠢᠭᠴᠢ ᠰᠢᠪᠠᠭᠤᠨ ᠤ᠋ ᠳᠠᠭᠤ
ᠮᠠᠯᠴᠢᠨ ᠬᠥᠮᠦᠨ ᠳ᠋ᠦ᠍ ᠬᠥᠭᠵᠢᠮ ᠵᠤᠭ᠎ᠠ ᠪᠣᠯᠵᠤ ᠪᠠᠢᠨ᠎ᠠ᠃
ᠠᠯᠤᠰ ᠭᠠᠵᠠᠷ ᠠ᠋ᠴᠠ ᠳᠤᠷᠠᠰᠤᠨ ᠰᠠᠭᠤᠭᠴᠢ ᠴᠢ ᠮᠢᠨᠢ
ᠮᠢᠨᠦ ᠰᠡᠳᠬᠢᠯ ᠳ᠋ᠦ᠍ ᠶᠣᠰᠣᠲᠠᠢ ᠨᠢᠭᠡ ᠮᠥᠷᠥᠭᠡᠳᠦᠯ ᠪᠣᠯᠵᠤ ᠪᠠᠢᠨ᠎ᠠ᠃
1931 ᠣᠨ
ᠦᠰᠦᠭ ᠠᠮᠢᠯᠠᠭᠤᠯᠤᠭᠴᠢ᠄ ᠡᠷᠳᠡᠨᠢᠭᠣᠤ᠎ᠠ
ᠬᠢᠨᠠᠭᠴᠢ᠄ ᠣᠳᠬᠠᠨᠰᠣ᠎ᠠ
