ᠬᠠᠪᠤᠷ- ᠳ· ᠨᠠᠴᠤᠭᠳᠣᠷᠵᠢХавар-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ- ᠳ· ᠨᠠᠴᠤᠭᠳᠣᠷᠵᠢХавар-Д.Нацагдорж

ᠬᠠᠪᠤᠷ- ᠳ· ᠨᠠᠴᠤᠭᠳᠣᠷᠵᠢХавар-Д.Нацагдорж

2024-05-28

758

ᠬᠠᠪᠤᠷ

       ᠳ· ᠨᠠᠴᠤᠭᠳᠣᠷᠵᠢ

ᠲᠠᠭᠠᠯᠠᠮᠵᠢᠲᠠᠢ ᠰᠠᠢᠬᠠᠨ ᠬᠠᠪᠤᠷ ᠨᠠᠢᠷ ᠲᠠᠢ ᠰᠠᠢᠬᠠᠨ ᠬᠠᠪᠤᠷ 
ᠳᠠᠬᠢᠨ ᠳᠠᠬᠢᠨ ᠢᠷᠡᠵᠦ ᠳᠡᠯᠡᠬᠡᠢ ᠳ᠋ᠠᠬᠢᠨ ᠢ᠋ ᠭᠡᠢᠭᠦᠯᠦᠨ᠎ᠡ᠃
ᠲᠡᠷᠢᠭᠦᠨ ᠢ᠋ᠶ᠋ᠡᠨ ᠡᠷᠭᠦᠵᠦ ᠳᠥᠷᠪᠡᠨ ᠵᠦᠭ ᠬᠠᠨᠳᠤᠪᠠᠯ 
ᠲᠩᠷᠢ ᠶ᠋ᠢᠨ ᠬᠢᠵᠠᠭᠠᠷ ᠴᠠᠪ ᠴᠡᠯᠡᠢᠨ ᠠᠮᠢᠰᠬᠤᠯᠯᠠᠨ᠎ᠠ᠃

ᠠᠯᠲᠠᠨ ᠨᠠᠷᠠᠨ ᠭᠡᠢᠵᠦ ᠮᠥᠩᠭᠥᠨ ᠴᠠᠰᠤ ᠶ᠋ᠢ ᠬᠠᠢᠯᠤᠭᠤᠯᠤᠭᠠᠳ 
ᠠᠮᠢᠲᠠᠨ ᠪᠦᠬᠦᠨ ᠲᠥᠯᠵᠢᠵᠦ ᠴᠡᠴᠡᠭ ᠨᠠᠪᠴᠢ ᠰᠣᠶᠣᠭᠠᠯᠠᠨ᠎ᠠ᠃
ᠰᠢᠷ᠎ᠠ ᠳᠡᠯᠡᠬᠡᠢ ᠨᠣᠭᠣᠭᠠᠨ ᠳᠡᠪᠡᠯ ᠢ᠋ ᠡᠮᠦᠰᠦᠨ ᠶᠣᠰᠣᠯᠠᠵᠤ  
ᠴᠦᠴᠡᠬᠡᠢ ᠪᠣᠯᠵᠣᠮᠣᠷ ᠵᠢᠷᠭᠢᠯᠳᠦᠨ ᠬᠥᠭᠵᠢᠮ ᠡᠷᠭᠦᠵᠦ ᠤᠭᠲᠤᠨ᠎ᠠ᠃

ᠪᠤᠷᠭᠠᠰᠤ ᠮᠣᠳᠣᠨ ᠤ᠋ ᠨᠠᠪᠴᠢ ᠵᠤᠯᠵᠠᠭ᠎ᠠ ᠪᠤᠯᠲᠠᠢᠨ ᠴᠡᠴᠡᠭᠯᠡᠵᠦ 
ᠲᠠᠤᠯᠠᠢ ᠴᠢᠨᠳᠠᠭ᠎ᠠ ᠡᠭᠦᠪᠡᠷ ᠲᠡᠭᠦᠪᠡᠷ ᠬᠠᠷᠠᠢᠨ ᠨᠠᠭᠠᠳᠤᠨ᠎ᠠ᠃
ᠬᠤᠷᠠᠭ᠎ᠠ ᠢᠰᠢᠭᠡ ᠡᠨᠳᠡ ᠲᠡᠨᠳᠡ ᠮᠠᠢᠯᠠᠯᠳᠤᠨ ᠳᠠᠪᠬᠢᠯᠳᠤᠵᠤ 
ᠬᠣᠨᠢᠴᠢᠨ ᠬᠥᠪᠡᠭᠦᠨ ᠨᠢᠮᠭᠡᠨ ᠳᠡᠪᠡᠯ ᠢ᠋ ᠡᠮᠦᠰᠦᠨ ᠳᠡᠪᠬᠡᠴᠡᠨ᠎ᠡ᠃


ᠭᠣᠣᠯ ᠤ᠋ᠨ ᠮᠥᠰᠥᠨ ᠬᠣᠢᠲᠤ ᠳᠠᠯᠠᠢ ᠳ᠋ᠤ᠌ ᠨᠡᠭᠦᠨ ᠣᠳᠴᠤ
ᠪᠤᠯᠠᠭ ᠤ᠋ᠨ ᠤᠰᠤ ᠬᠥᠭᠵᠢᠮ ᠰᠢᠭ ᠡᠭᠡᠰᠢᠭᠯᠡᠨ ᠮᠢᠷᠠᠯᠵᠠᠨ᠎ᠠ᠃
ᠬᠠᠷᠢᠶᠠᠴᠠᠢ ᠰᠢᠪᠠᠭᠤᠳ ᠬᠣᠭᠣᠰᠣᠨ ᠠᠭᠠᠷ ᠲᠤ ᠳᠤᠷ᠎ᠠ ᠪᠠᠷ ᠰᠦᠯᠵᠢᠵᠦ
ᠬᠡᠦᠬᠡᠳ ᠪᠠᠭᠠᠴᠤᠳ ᠲᠡᠭᠦᠨ ᠦ᠌ ᠵᠢᠷᠭᠢᠬᠦ ᠶ᠋ᠢ ᠳᠠᠭᠠᠯᠳᠤᠨ ᠭᠦᠶᠦᠯᠳᠦᠨ᠎ᠡ᠃

ᠤᠷᠢᠬᠠᠨ ᠬᠣᠩᠭᠣᠷ ᠰᠠᠯᠬᠢ ᠡᠪᠡᠰᠦ ᠮᠣᠳᠣ ᠶ᠋ᠢ ᠨᠠᠮᠢᠯᠵᠠᠭᠤᠯᠵᠤ
ᠬᠥᠭᠰᠢᠨ ᠵᠠᠯᠠᠭᠤ ᠬᠥᠮᠦᠰ ᠦ᠋ᠨ ᠰᠡᠳᠬᠢᠯ ᠢ᠋ ᠪᠥᠮᠪᠥᠷᠢᠭᠦᠯᠦᠨ ᠤᠶᠠᠷᠠᠭᠤᠯᠤᠨ᠎ᠠ᠃
ᠦᠳᠡᠰᠢ ᠶ᠋ᠢᠨ ᠵᠢᠪᠠᠷ ᠨᠢᠭᠤᠭᠳᠠᠵᠤ ᠥᠷᠯᠥᠭᠡᠨ ᠦ᠌ ᠬᠢᠷᠠᠭᠤ ᠢᠴᠡᠭᠡᠳ
ᠮᠣᠷᠢ ᠮᠠᠯ ᠳᠤᠷ᠎ᠠ ᠪᠠᠷ ᠪᠡᠯᠴᠢᠨ ᠵᠦᠯᠭᠡᠨ ᠳᠡᠭᠡᠷ᠎ᠡ ᠬᠥᠷᠪᠡᠨ᠎ᠡ᠃

ᠨᠣᠭᠣᠭᠠᠨ ᠤᠨᠢᠶᠠᠷ ᠳᠡᠭᠳᠡᠵᠦ ᠠᠭᠤᠯᠠ ᠶ᠋ᠢᠨ ᠮᠣᠳᠣ ᠬᠥᠬᠡᠷᠡᠭᠡᠳ
ᠪᠤᠭᠤ ᠬᠠᠨᠳᠠᠭᠠᠢ ᠰᠦᠷᠦᠭᠯᠡᠵᠦ ᠢᠷᠠᠭᠤ ᠰᠠᠢᠬᠠᠨ ᠢ᠋ᠶ᠋ᠠᠷ ᠤᠷᠤᠮᠳᠠᠨ᠎ᠠ᠃
ᠬᠥᠮᠦᠨ ᠠᠷᠠᠳ ᠪᠦᠭᠴᠢᠮ ᠭᠡᠷ ᠮᠤᠬᠤᠷ ᠢ᠋ ᠤᠭᠤᠷᠤᠨ
ᠠᠭᠤᠳᠠᠮ ᠲᠠᠯᠠᠪᠤᠷ ᠠᠷᠢᠭᠤᠨ ᠠᠭᠠᠷ ᠳᠤ ᠳᠠᠪᠬᠢᠯᠳᠤᠨ ᠴᠡᠩᠭᠡᠯᠳᠦᠨ᠎ᠡ᠃

ᠴᠡᠴᠡᠭ ᠨᠠᠪᠴᠢ ᠲᠥᠯᠵᠢᠭᠡᠳ ᠲᠡᠷᠢᠭᠦᠨ ᠢ᠋ᠶ᠋ᠡᠨ ᠳᠡᠭᠡᠭᠰᠢ ᠡᠷᠭᠦᠭᠡᠳ
ᠴᠣᠮᠣᠷᠯᠢᠭ ᠤ᠋ᠨ ᠳᠣᠲᠣᠷ᠎ᠠ ᠥᠩᠭᠡ ᠪᠦᠷᠢ ᠪᠡᠷ ᠢᠨᠢᠶᠡᠮᠰᠦᠭᠯᠡᠨ᠎ᠡ᠃
ᠬᠡᠭᠡᠷ᠎ᠡ ᠶ᠋ᠢᠨ ᠭᠠᠯᠠᠭᠤ ᠢᠷᠡᠵᠦ ᠭᠠᠩᠭᠠᠷ ᠭᠤᠩᠭᠠᠷ ᠳᠣᠩᠭᠣᠳᠤᠭᠠᠳ
ᠬᠥᠮᠦᠨ ᠦ᠌ ᠰᠡᠳᠬᠢᠯ ᠢ᠋ ᠬᠥᠳᠡᠯᠭᠡᠨ ᠬᠣᠯᠠᠬᠢ ᠶ᠋ᠢ ᠮᠥᠷᠥᠭᠡᠳᠦᠭᠦᠯᠦᠨ᠎ᠡ᠃

ᠨᠠᠢᠷ ᠲᠠᠢ ᠰᠠᠢᠬᠠᠨ ᠤᠯᠠᠷᠢᠯ ᠣᠭᠲᠠᠷᠭᠤᠢ ᠶ᠋ᠢ ᠲᠤᠯᠵᠤ ᠳᠠᠬᠢᠨ ᠰᠢᠨᠡᠳᠦᠭᠡᠳ
ᠡᠷᠲᠡ ᠡᠳᠦᠭᠡ ᠶ᠋ᠢ ᠪᠣᠳᠣᠭᠳᠠᠭᠤᠯᠤᠨ ᠨᠢᠭᠤᠭᠳᠠᠭᠰᠠᠨ ᠰᠡᠳᠬᠢᠯ ᠢ᠋ ᠰᠡᠷᠭᠦᠭᠡᠨ᠎ᠡ᠃
ᠬᠦᠰᠡᠯ ᠲᠡᠢ ᠰᠠᠢᠬᠠᠨ ᠬᠠᠪᠤᠷ ᠠ᠋᠂ ᠴᠡᠩᠭᠡᠯ ᠲᠡᠢ ᠰᠠᠢᠬᠠᠨ ᠬᠠᠪᠤᠷ ᠠ᠋
ᠬᠥᠮᠦᠨ ᠪᠦᠬᠦᠨ ᠴᠢᠮᠠᠶ᠋ᠢ ᠬᠦᠯᠢᠶᠡᠵᠦ ᠪᠣᠳᠠᠰ ᠪᠦᠬᠦᠨ ᠴᠢᠮᠠᠶ᠋ᠢ ᠮᠥᠷᠥᠭᠡᠳᠦᠨ᠎ᠡ᠃

                 1931 ᠣᠨ

   ᠦᠰᠦᠭ ᠠᠮᠢᠯᠠᠭᠤᠯᠤᠭᠴᠢ᠄ ᠰᠤᠳᠤᠯᠲᠤ
   ᠬᠢᠨᠠᠭᠴᠢ᠄ ᠣᠳᠬᠠᠨᠰᠣ᠎ᠠ