ᠳᠥᠷᠪᠡᠯᠵᠢᠨ ᠬᠤᠯᠤᠰᠤДөрвөлжин хулс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠷᠪᠡᠯᠵᠢᠨ ᠬᠤᠯᠤᠰᠤДөрвөлжин хулс

ᠳᠥᠷᠪᠡᠯᠵᠢᠨ ᠬᠤᠯᠤᠰᠤДөрвөлжин хулс

2024-05-29

278

ᠳᠥᠷᠪᠡᠯᠵᠢᠨ ᠬᠤᠯᠤᠰᠤ

            ᠦᠶᠡᠲᠦ ᠤᠷᠭᠤᠮᠠᠯ ᠤ᠋ᠨ ᠢᠵᠠᠭᠤᠷ 
   ᠰᠦᠷᠡᠯ ᠨᠢ 3—8m ᠥᠨᠳᠥᠷ ᠰᠢᠯᠤᠭᠤᠨ ᠤᠷᠭᠤᠨ᠎ᠠ᠂ ᠬᠥᠨᠳᠡᠢ᠂ ᠳᠥᠷᠪᠡᠯᠵᠢᠨ᠂ ᠳ᠋ᠢᠶᠠᠮᠧᠲ᠋ᠷ ᠨᠢ 1—4cm᠂ ᠦᠶ᠎ᠡ ᠶ᠋ᠢᠨ ᠵᠠᠢ ᠨᠢ8—22 ᠤᠷᠲᠤ᠂ ᠨᠢᠯᠬ᠎ᠠ ᠦᠶ᠎ᠡ ᠳ᠋ᠦ᠍ ᠨᠢᠭ ᠰᠢᠷᠠᠪᠲᠤᠷ ᠬᠦᠷᠡᠩ ᠵᠢᠵᠢᠭ ᠥᠷᠭᠡᠰᠦ ᠦᠰᠦ ᠲᠡᠢ᠂ ᠰᠡᠭᠦᠯ ᠳ᠋ᠡᠭᠡᠨ ᠥᠷᠭᠡᠰᠦ ᠦᠰᠦ ᠨᠢ ᠤᠨᠠᠪᠠᠴᠤ ᠨᠡᠯᠢᠶᠡᠳ ᠠᠷᠵᠠᠭᠠᠷ ᠪᠠᠢᠳᠠᠭ᠃ ᠭᠣᠣᠯ ᠰᠦᠷᠡᠯ ᠦ᠋ᠨ ᠦᠶ᠎ᠡ ᠳ᠋ᠡᠬᠢ ᠨᠠᠪᠴᠢ ᠨᠢ ᠮᠠᠰᠢ ᠵᠢᠵᠢᠭ ᠪᠤᠶᠤ ᠳᠣᠷᠣᠢᠪᠲᠤᠷ᠂ ᠤᠭ ᠲᠤᠨᠢ ᠬᠥᠭᠵᠢᠯᠲᠡ ᠦᠭᠡᠢ ᠨᠠᠪᠴᠢᠨ ᠤ᠋ ᠴᠢᠬᠢ ᠪᠣᠯᠤᠨ ᠬᠡᠯᠡ ᠲᠡᠢ ;  ᠮᠥᠴᠢᠷ ᠨᠢ ᠦᠶ᠎ᠡ ᠪᠦᠷᠢ ᠡᠴᠡ ᠭᠤᠷᠪᠠ ᠭᠤᠷᠪᠠ ᠪᠠᠷ ᠤᠷᠭᠤᠨ᠎ᠠ᠂ ᠰᠡᠭᠦᠯ ᠳ᠋ᠡᠭᠡᠨ ᠣᠯᠠᠨ ᠪᠣᠯᠤᠨ᠎ᠠ᠂ ᠭᠢᠯᠦᠭᠡᠷ᠂ ᠵᠢᠵᠢᠭ ᠮᠥᠴᠢᠷ ᠦ᠋ᠨ ᠦᠶ᠎ᠡ ᠪᠦᠷᠢ ᠡᠴᠡ ᠭᠠᠭᠴᠠᠭᠠᠷ ᠪᠤᠶᠤ ᠬᠡᠳᠦ ᠬᠡᠳᠦ ᠪᠡᠷ ᠪᠠᠭᠯᠠᠷᠠᠨ ᠤᠷᠭᠤᠨ᠎ᠠ᠃ ᠨᠠᠪᠴᠢᠨ ᠤ᠋ ᠲᠣᠭᠳᠣᠢ ᠨᠢ ᠰᠠᠷᠢᠰᠤᠯᠢᠭ᠂ ᠦᠰᠦ ᠦᠭᠡᠢ᠂ ᠵᠥᠪᠬᠡᠨ ᠠᠮᠠᠰᠠᠷ ᠤ᠋ᠨ ᠬᠥᠪᠡᠭᠡ ᠳ᠋ᠦ᠍ᠨᠢ ᠦᠰᠦ ᠲᠡᠢ ;  ᠨᠠᠪᠴᠢ ᠨᠢ ᠨᠢᠮᠭᠡᠨ᠂ ᠨᠠᠷᠢᠬᠠᠨ ᠬᠠᠪᠲᠠᠭᠠᠢ ᠲᠡᠪᠡᠨᠡ ᠬᠡᠯᠪᠡᠷᠢ ᠲᠡᠢ᠂ 8—29cm ᠤᠷᠲᠤ᠂ 10—27mm ᠥᠷᠭᠡᠨ᠂ ᠱᠣᠪᠬᠣ ᠦᠵᠦᠭᠦᠷ ᠲᠡᠢ᠂ 1—8mm ᠤᠷᠲᠤ ᠪᠠᠷᠢᠭᠤᠯ ᠲᠠᠢ᠃ ᠴᠡᠴᠡᠭ ᠦ᠋ᠨ ᠮᠥᠴᠢᠷ ᠨᠢ ᠨᠠᠪᠴᠢ ᠦᠭᠡᠢ᠂ ᠨᠣᠭᠣᠪᠲᠤᠷ᠂ ᠭᠤᠯᠳᠤ ᠠᠷ ᠲᠠᠢ᠂ ᠪᠠᠰᠠ ᠨᠣᠣᠯᠣᠭᠤᠷ ᠦᠰᠦ ᠲᠡᠢ ; ᠵᠢᠵᠢᠭ ᠲᠦᠷᠦᠭᠦᠦ ᠨᠢ ᠴᠡᠴᠡᠭ ᠦ᠋ᠨ ᠮᠥᠴᠢᠷ ᠦ᠋ᠨ ᠦᠶ᠎ᠡ ᠪᠦᠷᠢ ᠳ᠋ᠦ᠍ ᠪᠠᠭᠯᠠᠷᠠᠨ ᠤᠷᠭᠤᠨ᠎ᠠ᠂ 15—30cm ᠤᠷᠲᠤ᠂ 5—6 ᠴᠡᠴᠡᠭ ᠲᠡᠢ ; ᠬᠠᠯᠢᠰᠤ ᠪᠣᠯᠤᠨ ᠵᠢᠵᠢᠭ ᠲᠦᠷᠦᠭᠦᠦ ᠶ᠋ᠢᠨ ᠳᠣᠣᠷᠠᠬᠢ ᠪᠠᠭᠯᠠᠭᠴᠢ ᠨᠢ ᠨᠡᠢᠯᠡᠭᠡᠳ ᠨᠡᠢᠲᠡ ᠵᠢᠷᠭᠤᠭ᠎ᠠ᠂ 2—8mm ᠤᠷᠲᠤ ; ᠭᠠᠳᠠᠷ ᠬᠡᠪᠡᠭ ᠨᠢ ᠶᠡᠷᠦ ᠳ᠋ᠡᠭᠡᠨ 10—12mm ᠤᠷᠲᠤ᠂ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂ ᠳᠣᠲᠣᠷ ᠬᠡᠪᠡᠭ ᠨᠢ 9—10mm ᠤᠷᠲᠤ᠂ ᠱᠣᠪᠬᠣ ᠦᠵᠦᠭᠦᠷ ᠲᠡᠢ ;  ᠬᠠᠢᠷᠰᠤᠨ ᠰᠢᠳᠠᠷ ᠨᠢ ᠭᠤᠷᠪᠠ ; ᠡᠷ᠎ᠡ ᠲᠣᠭᠣᠷᠴᠣᠭ ᠨᠢ ᠭᠤᠷᠪᠠ᠂ 5—7mm ᠤᠷᠲᠤ ᠲᠣᠭᠣᠰᠣᠪᠴᠢ ᠲᠠᠢ ;  ᠤᠮᠠᠢ ᠨᠢ ᠲᠣᠩᠭᠣᠷᠠᠭᠤ ᠥᠨᠳᠡᠭᠡᠯᠵᠢᠨ᠂ ᠣᠬᠣᠷ ᠪᠠᠷᠢᠭᠤᠯ ᠲᠠᠢ᠂   ᠣᠷᠣᠢ ᠳ᠋ᠤᠨᠢ ᠲᠠᠷᠠᠮᠠᠭ ᠦᠰᠦ ᠲᠡᠢ ;  ᠪᠠᠭᠠᠨ᠎ᠠ ᠶ᠋ᠢᠨ ᠠᠮᠠᠰᠠᠷ ᠨᠢ ᠭᠤᠷᠪᠠ᠂ 3mm ᠣᠷᠴᠢᠮ ᠤᠷᠲᠤ᠃
      ᠮᠠᠨ ᠤ᠋ ᠤᠯᠤᠰ ᠤ᠋ᠨ ᠳᠣᠷᠣᠨᠠᠲᠤ ᠣᠷᠣᠨ᠂ ᠡᠮᠦᠨᠡᠲᠦ ᠣᠷᠣᠨ ᠤ᠋ ᠳᠤᠯᠠᠭᠠᠨ ᠭᠠᠵᠠᠷ ᠲᠤ᠌ ᠪᠦᠷ ᠵᠠᠢᠯᠠᠳᠠᠭ᠃ ᠦᠵᠡᠮᠵᠢ ᠶ᠋ᠢᠨ ᠮᠣᠳᠣ᠃ ᠰᠦᠷᠡᠯ ᠢ᠋ ᠨᠢ ᠲᠠᠶᠠᠭ ᠵᠡᠷᠭᠡ ᠵᠡᠷᠭᠡ ᠶ᠋ᠢ ᠬᠢᠬᠦ ᠳ᠋ᠦ᠍ ᠬᠡᠷᠡᠭᠯᠡᠨ᠎ᠡ᠃ ᠬᠤᠯᠤᠰᠤᠨ ᠰᠦᠶ᠎ᠡ ᠨᠢ ᠮᠢᠬᠠᠯᠢᠭ ᠪᠥᠭᠡᠳ ᠵᠥᠭᠡᠯᠡᠨ᠂ ᠢᠳᠡᠬᠦ ᠳ᠋ᠦ᠍ ᠠᠮᠲᠠᠲᠠᠢ᠃
    ᠬᠢᠲᠠᠳ ᠨᠡᠷ᠎ᠡ᠄方竹
   ᠠᠩᠭ᠌ᠯᠢ ᠨᠡᠷ᠎ᠡ᠄ Chimonobambusa quadrangularis (Fenzi) Makino

             ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
              ᠬᠢᠨᠠᠭᠴᠢ᠄ ᠫᠣ· ᠴᠠᠭᠠᠨ