ᠣᠳᠣ - ᠳ· ᠨᠠᠴᠤᠭᠳᠣᠷᠵᠢОд-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠳᠣ - ᠳ· ᠨᠠᠴᠤᠭᠳᠣᠷᠵᠢОд-Д.Нацагдорж

ᠣᠳᠣ - ᠳ· ᠨᠠᠴᠤᠭᠳᠣᠷᠵᠢОд-Д.Нацагдорж

2024-05-29

280

ᠣᠳᠣ

                 ᠳ· ᠨᠠᠴᠤᠭᠳᠣᠷᠵᠢ 

ᠬᠣᠯᠠᠬᠢ ᠭᠠᠵᠠᠷ ᠤ᠋ᠨ ᠭᠢᠯᠠᠯᠵᠠᠨ ᠬᠠᠷᠠᠭᠳᠠᠬᠤ ᠥᠩᠭᠡᠲᠦ ᠣᠳᠣ ᠠ᠋!
ᠬᠢᠵᠠᠭᠠᠷ ᠦᠭᠡᠢ ᠣᠭᠲᠠᠷᠭᠤᠢ ᠶ᠋ᠢᠨ ᠳᠤᠮᠳᠠ ᠵᠤᠭᠠᠯᠠᠬᠤ ᠤᠯᠠᠭᠠᠨ ᠣᠴᠢ ᠠ᠋!
ᠨᠡᠷᠡᠲᠦ ᠶᠢᠷᠲᠢᠨᠴᠦ ᠶ᠋ᠢ ᠲᠣᠯᠢᠳᠠᠨ ᠪᠠᠢᠭ᠎ᠠ ᠠᠩᠭᠠᠷᠠᠭ ᠭᠠᠷᠠᠭ ᠠ᠋!
ᠪᠢᠳᠡ ᠴᠢᠮ᠎ᠠ ᠲᠠᠢ ᠲᠠᠨᠢᠯᠴᠠᠬᠤ ᠶ᠋ᠢ ᠬᠡᠳᠦᠢᠨ ᠡᠴᠡ ᠬᠦᠰᠡᠯ᠎ᠡ᠃
ᠠᠯᠲᠠᠨ ᠰᠠᠢᠬᠠᠨ ᠪᠡᠶ᠎ᠡ ᠳᠡᠭᠡᠷ᠎ᠡ ᠴᠢᠨᠢ ᠴᠣᠬᠣᠮ ᠶᠠᠭᠤ ᠣᠷᠣᠰᠢᠨ᠎ᠠ ᠪᠣᠢ?
ᠠᠯᠠᠭ ᠴᠡᠴᠡᠭ ᠣᠢ ᠮᠣᠳᠣ ᠴᠢᠮ᠎ᠠ ᠳᠡᠭᠡᠷ᠎ᠡ ᠪᠠᠢᠨ᠎ᠠ ᠤᠤ ᠦᠭᠡᠢ ᠤᠤ?
ᠥᠷᠭᠡᠨ ᠶᠡᠬᠡ ᠬᠡᠪᠡᠯᠢ ᠳ᠋ᠦ᠍ ᠴᠢᠨᠢ ᠶᠠᠮᠠᠷ ᠡᠷᠳᠡᠨᠢ ᠨᠢᠭᠤᠭᠳᠠᠨ᠎ᠠ ᠪᠣᠢ?
ᠥᠯᠮᠡᠢ ᠳᠡᠭᠡᠷ᠎ᠡ ᠪᠡᠨ ᠵᠣᠭᠰᠣᠭᠰᠠᠨ ᠬᠥᠮᠦᠨ ᠲᠡᠨᠳᠡ ᠴᠢᠨᠢ ᠪᠠᠢᠨ᠎ᠠ ᠤᠤ᠂ ᠦᠭᠡᠢ ᠤᠤ?
ᠣᠳᠣ ᠴᠢᠨᠦ ᠲᠡᠨᠳᠡ ᠡᠴᠡ ᠡᠨᠡ ᠳᠡᠯᠡᠬᠡᠢ ᠶᠠᠮᠠᠷ ᠥᠩᠭᠡ ᠲᠡᠢ ᠦᠵᠡᠭᠳᠡᠨ᠎ᠡ ᠪᠣᠢ?
ᠣᠷᠴᠢᠯᠠᠩ ᠳᠡᠯᠡᠬᠡᠢ ᠶ᠋ᠢᠨ ᠶᠠᠪᠤᠳᠠᠯ ᠢ᠋ ᠴᠢ ᠶᠠᠭᠤ ᠭᠡᠵᠦ ᠰᠣᠶᠣᠷᠬᠠᠨ᠎ᠠ ᠪᠣᠢ?
ᠢᠨᠠᠭᠯᠠᠯ ᠠᠮᠠᠷᠠᠭᠯᠠᠯ ᠤ᠋ᠨ ᠳᠥᠯᠥ ᠠᠯᠢ ᠵᠡᠷᠭᠡ ᠬᠤᠷᠴᠠ ᠪᠣᠢ?
ᠶᠠᠭᠠᠬᠢᠭᠠᠳ ᠴᠢ ᠪᠢᠳᠡᠨ ᠳ᠋ᠦ᠍ ᠵᠠᠬᠢᠶ᠎ᠠ ᠦᠯᠦ ᠢᠯᠡᠭᠡᠨ᠎ᠡ ᠪᠣᠢ?
ᠡᠨᠡ ᠳᠡᠯᠡᠬᠡᠢ ᠳᠡᠭᠡᠷ᠎ᠡ ᠨᠠᠮᠢᠷᠠᠬᠤ ᠤᠯᠠᠭᠠᠨ ᠲᠤᠭ ᠤ᠋ᠳ ᠬᠠᠷᠠᠭᠳᠠᠨ᠎ᠠ ᠤᠤ?
ᠡᠷᠬᠡ ᠴᠢᠯᠥᠭᠡᠲᠦ ᠳᠠᠭᠤᠨ ᠤ᠋ ᠦᠭᠡ ᠲᠠᠨ ᠤ᠋ ᠲᠡᠨᠳᠡ ᠴᠤᠤᠷᠢᠶᠠᠲᠤᠨ᠎ᠠ ᠤᠤ?
ᠡᠪ ᠬᠠᠮᠲᠤ ᠶᠣᠰᠣ ᠶ᠋ᠢ ᠬᠠᠮᠢᠭ᠎ᠠ ᠬᠠᠮᠢᠭ᠎ᠠ ᠪᠠᠨ ᠪᠠᠢᠭᠤᠯᠤᠭᠠᠳ
ᠡᠯᠢᠭᠡᠨ ᠰᠠᠳᠤᠨ ᠪᠣᠯᠵᠤ ᠲᠦᠮᠡᠨ ᠵᠢᠯ ᠳ᠋ᠡᠭᠡᠨ ᠵᠢᠷᠭᠠᠶ᠎ᠠ᠃

               1931 ᠣᠨ
   ᠦᠰᠦᠭ ᠠᠮᠢᠯᠠᠭᠤᠯᠤᠭᠴᠢ᠄ ᠭᠠᠷᠮ ‍ᠠ᠋
   ᠬᠢᠨᠠᠭᠴᠢ᠄ ᠰᠡᠬᠡᠭᠡᠷᠡᠯ᠂ ᠣᠳᠬᠠᠨᠰᠣ᠎ᠠ