ᠤᠷ ᠲᠣᠪᠸᠷ- ᠳ· ᠨᠠᠴᠤᠭᠳᠣᠷᠵᠢУр тобер-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠷ ᠲᠣᠪᠸᠷ- ᠳ· ᠨᠠᠴᠤᠭᠳᠣᠷᠵᠢУр тобер-Д.Нацагдорж

ᠤᠷ ᠲᠣᠪᠸᠷ- ᠳ· ᠨᠠᠴᠤᠭᠳᠣᠷᠵᠢУр тобер-Д.Нацагдорж

2024-05-29

233

ᠤᠷ ᠲᠣᠪᠸᠷ

              ᠳ· ᠨᠠᠴᠤᠭᠳᠣᠷᠵᠢ 

ᠨᠢᠭᠡ ᠮᠢᠩᠭ᠎ᠠ ᠶᠢᠰᠦᠨ ᠵᠠᠭᠤᠨ ᠠᠷᠪᠠᠨ ᠳᠣᠯᠣᠳᠤᠭᠠᠷ ᠣᠨ ᠳ᠋ᠤ᠌ ᠶᠢᠷᠲᠢᠨᠴᠦ ᠳᠡᠭᠡᠷ᠎ᠡ ᠠᠯᠳᠠᠷᠲᠤ ᠤᠷ ᠲᠣᠪᠸᠷ  ᠤ᠋ᠨ ᠬᠤᠪᠢᠰᠬᠠᠯ᠃
ᠲᠡᠷᠡ ᠡᠳᠦᠷ ᠦ᠋ᠨ ᠨᠠᠷᠠᠨ ᠳ᠋ᠤ᠌ ᠠᠵᠢᠯᠴᠢᠨ ᠲᠠᠷᠢᠶᠠᠴᠢᠨ ᠤ᠋ ᠠᠯᠤᠬ᠎ᠠ ᠬᠠᠳᠤᠭᠤᠷ ᠥᠨᠳᠥᠷ ᠥᠨᠳᠥᠷ ᠭᠢᠯᠠᠯᠵᠠᠪᠠ᠃
ᠦᠷᠡᠯ ᠦ᠋ᠨ ᠪᠠᠷᠠᠭᠤᠨ ᠡᠲᠡᠭᠡᠳ ᠡᠴᠡ ᠤᠯᠠᠭᠠᠨ ᠲᠤᠭ ᠬᠡᠢᠰᠦᠭᠡᠳ ᠳᠠᠷᠤᠯᠠᠭᠳᠠᠭᠰᠠᠨ ᠣᠯᠠᠨ ᠤ᠋ ᠰᠡᠳᠬᠢᠯ ᠢ᠋ ᠬᠥᠳᠡᠯᠭᠡᠪᠡ᠃
ᠵᠥᠪᠯᠡᠯᠲᠦ ᠵᠠᠰᠠᠭ ᠮᠠᠨᠳᠤᠵᠤ ᠶᠢᠷᠲᠢᠨᠴᠦ ᠶ᠋ᠢᠨ ᠴᠢᠬᠢ ᠨᠢᠳᠦᠨ ᠳ᠋ᠦ᠍ ᠬᠤᠪᠢᠰᠬᠠᠯ ᠤ᠋ᠨ ᠳᠠᠭᠤ ᠭᠡᠷᠡᠯ ᠵᠡᠷᠭᠡ ᠪᠡᠷ ᠲᠤᠰᠪᠠ᠃

ᠢᠯᠢᠴ  ᠪᠠᠭᠰᠢ ᠶ᠋ᠢᠨ  ᠠᠷᠢᠭᠤᠨ ᠰᠤᠷᠲᠠᠯ ᠠᠵᠢᠯᠴᠢᠨ ᠠᠷᠠᠳ ᠤ᠋ᠨ ᠬᠠᠯᠠᠭᠤᠨ ᠭᠠᠷ ᠢ᠋ᠶ᠋ᠠᠷ ᠪᠦᠲᠦᠭᠰᠡᠨ   ᠣᠷ ᠲᠣᠪᠸᠷ  ᠣᠺᠲ᠋ᠤᠪᠧᠷ ᠤ᠋ᠨ ᠬᠤᠪᠢᠰᠬᠠᠯ
ᠵᠡᠭᠦᠨ ᠧᠦ᠋ᠷᠣᠫᠠ ᠤᠮᠠᠷᠠᠲᠤ ᠠᠽᠢᠶ᠎ᠠ ᠶ᠋ᠢᠨ ᠣᠷᠣᠨ ᠳ᠋ᠤ᠌ ᠤᠷᠢᠳᠤ ᠦᠵᠡᠭᠳᠡᠭᠡ ᠦᠭᠡᠢ ᠰᠢᠨ᠎ᠡ ᠣᠷᠴᠢᠯᠠᠩ ᠢ᠋ ᠲᠣᠭᠲᠠᠭᠠᠪᠠ᠃
ᠵᠠᠭᠤ ᠵᠠᠭᠤᠨ ᠵᠢᠯ ᠳ᠋ᠦ᠍ ᠣᠷᠣᠰᠢᠨ ᠰᠠᠭᠤᠭᠰᠠᠨ ᠪᠠᠷᠰ ᠤ᠋ᠨ ᠰᠢᠷᠡᠭᠡ ᠶ᠋ᠢ ᠲᠦᠯᠬᠢᠵᠦ ᠵᠠᠯᠢᠬᠠᠢ   ᠺᠢᠷᠸ‍ᠨ᠍ᠰᠺᠢ ᠶᠢᠨ  ᠱᠣᠷᠣᠩ ᠢ᠋ ᠵᠠᠢᠯᠠᠭᠤᠯᠪᠠ᠃
ᠣᠷᠣᠰ ᠤ᠋ᠨ ᠠᠭᠤᠳᠠᠮ ᠰᠠᠢᠬᠠᠨ ᠣᠷᠣᠨ ᠢ᠋ ᠡᠵᠡᠯᠡᠭᠰᠡᠨ ᠲᠦᠷᠢᠮᠡᠬᠡᠢᠴᠦᠳ ᠡᠴᠡ ᠠᠵᠢᠯᠴᠢᠨ ᠲᠠᠷᠢᠶᠠᠴᠢᠨ ᠡᠬᠡ ᠣᠷᠣᠨ ᠢ᠋ᠶ᠋ᠠᠨ ᠴᠡᠪᠡᠷᠯᠡᠨ ᠠᠪᠤᠪᠠ᠃

ᠲᠦᠮᠡᠨ ᠣᠨ ᠤ᠋ ᠬᠠᠷᠠᠩᠭᠤᠢ ᠲᠡᠦᠬᠡ ᠶ᠋ᠢ ᠬᠠᠯᠠᠭᠰᠠᠨ ᠤᠷ ᠲᠣᠪᠸᠷ  ᠤ᠋ᠨ 
ᠬᠤᠪᠢᠰᠬᠠᠯ ᠳ᠋ᠤ᠌ ᠳᠡᠯᠡᠬᠡᠢ ᠳ᠋ᠠᠬᠢᠨ ᠴᠤᠭᠭᠠᠷ ᠢ᠋ᠶ᠋ᠠᠨ ᠴᠣᠴᠢᠨ ᠰᠡᠷᠢᠪᠡ᠃
ᠭᠠᠵᠠᠷ ᠪᠦᠷᠢ ᠶ᠋ᠢᠨ ᠠᠷᠠᠳ ᠤ᠋ᠳ ᠲᠤ᠌ ᠢᠷᠠᠭᠤ ᠤᠷᠢᠶ᠎ᠠ ᠰᠣᠨᠣᠰᠳᠠᠭᠠᠳ ᠥᠷᠭᠡᠨ ᠵᠢᠭᠰᠠᠭᠠᠯ ᠤ᠋ᠨ ᠬᠣᠯᠠᠬᠢ ᠵᠠᠮ ᠲᠣᠳᠣᠷᠠᠪᠠ᠃
ᠺᠣᠯᠣᠨᠢ ᠪᠠ ᠬᠠᠭᠠᠰ ᠺᠣᠯᠣᠨᠢ ᠶ᠋ᠢᠨ ᠠᠷᠠᠳ ᠲᠦᠮᠡᠨ ᠢ᠋ ᠨᠣᠢᠷ ᠠ᠋ᠴᠠ ᠰᠡᠷᠢᠭᠦᠯᠦᠭᠡᠳ ᠦᠨᠡᠨᠴᠢ ᠰᠢᠳᠤᠷᠭᠤ ᠬᠠᠨᠢ ᠨᠥᠬᠥᠷ ᠨᠢ ᠲᠥᠷᠥᠪᠡ᠃
ᠪᠤᠳᠤᠩᠭᠤᠢᠷᠠᠭᠰᠠᠨ ᠶᠢᠷᠲᠢᠨᠴᠦ ᠶ᠋ᠢᠨ ᠪᠠᠢᠳᠠᠯ ᠢ᠋ ᠲᠡᠭᠰᠢᠯᠡᠨ ᠵᠠᠰᠠᠬᠤ ᠳᠣᠯᠭᠢᠶᠠᠨ ᠬᠦᠴᠦᠲᠡᠢ ᠬᠥᠳᠡᠯᠦᠨ ᠱᠤᠤᠭᠢᠪᠠ᠃

ᠪᠣᠯᠣᠰᠢ ᠦᠭᠡᠢ ᠣᠷᠴᠢᠯᠠᠩ ᠤ᠋ᠨ ᠪᠤᠵᠠᠷ ᠶᠠᠪᠤᠳᠠᠯ ᠢ᠋ ᠪᠤᠲᠠ ᠡᠪᠳᠡᠭᠡᠳ ᠪᠠᠰᠠ ᠳᠠᠬᠢᠨ ᠰᠢᠨ᠎ᠡ ᠶᠢᠷᠲᠢᠨᠴᠦ ᠶ᠋ᠢ ᠲᠣᠭᠲᠠᠭᠠᠬᠤ ᠤᠷ ᠲᠣᠪᠸᠷ
ᠪᠠᠭᠤᠳᠠᠯ ᠤ᠋ᠨ ᠭᠢᠨᠵᠢ ᠬᠥᠷᠥᠩᠭᠡ ᠶ᠋ᠢᠨ ᠤᠷᠠᠬ᠎ᠠ ᠶ᠋ᠢ ᠲᠠᠰᠤ ᠣᠭᠲᠣᠯᠤᠭᠠᠳ ᠨᠡᠢᠭᠡᠮ ᠵᠢᠷᠤᠮ ᠢ᠋ ᠪᠠᠢᠭᠤᠯᠬᠤ ᠤᠷ ᠲᠣᠪᠸᠷ
ᠪᠠᠷᠠᠭᠤᠨ ᠧᠦ᠋ᠷᠣᠫᠠ ᠠᠮᠧᠷᠢᠺᠠ ᠶ᠋ᠢᠨ ᠠᠵᠢᠯᠴᠢᠳ  ᠲᠤ᠌ ᠦᠯᠢᠭᠡᠷ ᠪᠣᠯᠤᠭᠠᠳ ᠲᠠᠪᠤᠨ ᠲᠢᠪ ᠢ᠋ ᠪᠦᠷᠬᠦᠬᠦ ᠣᠺᠲ᠋ᠤᠪᠸᠷ
ᠪᠠᠢᠨ ᠪᠠᠢᠭᠰᠠᠭᠠᠷ ᠪᠦᠬᠦ ᠳᠡᠯᠡᠬᠡᠢ ᠶ᠋ᠢᠨ ᠣᠺᠲ᠋ᠣᠪᠸᠷ ᠪᠣᠯᠵᠤ ᠬᠠᠭᠤᠴᠢᠨ ᠪᠠᠢᠳᠠᠯ ᠢ᠋ ᠬᠠᠯᠠᠭᠠᠳ ᠵᠥᠪᠬᠡᠨ ᠨᠠᠷᠠ ᠶ᠋ᠢ ᠬᠡᠪ ᠢ᠋ᠶ᠋ᠡᠷ ᠦᠯᠡᠳᠡᠭᠡᠬᠦ ᠣᠺᠲ᠋ᠣᠪᠸᠷ

       1931 ᠣᠨ

   ᠦᠰᠦᠭ ᠠᠮᠢᠯᠠᠭᠤᠯᠤᠭᠴᠢ᠄ ᠭᠡᠭᠡᠷᠡᠯ
   ᠬᠢᠨᠠᠭᠴᠢ᠄ ᠰᠡᠬᠡᠭᠡᠷᠡᠯ᠂ ᠣᠳᠬᠠᠨᠰᠣ᠎ᠠ