《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠳᠥᠴᠢᠨ ᠨᠠᠢ᠍ᠮᠠᠳᠤᠭᠠᠷ ᠪᠦᠯᠦᠭ> "Хөх судар" он нөхвөр дэвтэр - Инжинаш <Дөчин наймдугаар бүлэг>
《ᠬᠥᠬᠡ ᠰᠤᠳᠤᠷ》 ᠤᠨ ᠨᠥᠬᠥᠪᠦᠷᠢ ᠲᠡᠪᠲᠡᠷ - ᠳᠥᠴᠢᠨ ᠨᠠᠢ᠍ᠮᠠᠳᠤᠭᠠᠷ ᠪᠦᠯᠦᠭ
ᠳᠥᠴᠢᠨ ᠨᠠᠢ᠍ᠮᠠᠳᠤᠭᠠᠷ ᠪᠦᠯᠦᠭ
ᠪᠣᠷᠵᠢᠭᠢᠳ ᠲᠠᠢᠽᠦ ᠳᠣᠲᠣᠭᠠᠳᠤ ᠳᠠᠯᠠᠨ ᠲᠠᠪᠤᠨ ᠠᠢᠮᠠᠭ ᠤ᠋ᠨ ᠭᠤᠷᠪᠠᠨ ᠳᠡᠰ ᠦ᠋ᠨ ᠲᠠᠢᠹᠦ᠋ ᠲᠦᠰᠢᠮᠡᠯ ᠢ᠋ ᠲᠣᠭᠲᠠᠭᠠᠪᠠ
ᠪᠣᠭᠳᠠ ᠴᠢᠩᠭᠢᠰ ᠭᠠᠳᠠᠭᠠᠳᠤ ᠠᠷᠪᠠᠨ ᠲᠠᠪᠤᠨ ᠵᠠᠩᠵᠤᠨ ᠤ᠋ ᠶᠢᠰᠦᠨ ᠠᠩᠭᠢ ᠪᠣᠳᠣᠷᠣᠣᠯ ᠪᠢᠴᠢᠭ ᠢ᠋ ᠬᠠᠭᠤᠯᠪᠠ
ᠪᠣᠯᠬᠢ ᠪᠦᠳᠦᠭᠦᠯᠢᠭ ᠮᠣᠩᠭᠣᠯ ᠪᠣᠯᠪᠠᠴᠤ ᠪᠤᠰᠤᠳ ᠢᠷᠭᠡᠳ ᠡᠴᠡ ᠶᠣᠰᠣᠨᠴᠢᠷ ᠠᠨᠤ
ᠪᠤᠯᠲᠤ ᠴᠥᠮ ᠪᠣᠭᠳᠠ ᠴᠢᠩᠭᠢᠰ ᠦ᠋ᠨ ᠪᠣᠱᠣᠭ ᠰᠣᠶᠣᠷᠬᠠᠯ ᠠᠨᠤ ᠪᠤᠶᠤ ᠃
ᠪᠤᠷᠤᠭᠤ ᠵᠠᠩᠲᠤ ᠬᠢᠲᠠᠳ ᠲᠥᠪᠡᠳ ᠦ᠋ᠨ ᠡᠯᠪᠡᠷᠢᠯ ᠠᠴᠢᠯᠠᠯ ᠦᠭᠡᠢ ᠶ᠋ᠢ
ᠪᠤᠶᠠᠨᠴᠢᠷ ᠮᠣᠩᠭᠣᠯᠴᠤᠳ ᠤ᠋ᠨ ᠵᠢᠭᠰᠢᠨ ᠳᠣᠷᠣᠮᠵᠢᠯᠠᠬᠤ ᠠᠨᠤ ᠢᠯᠡᠷᠬᠡᠢ ᠪᠢᠰᠢᠦ?
ᠲᠡᠨᠳᠡᠴᠡ ᠶᠡᠬᠡ ᠲᠥᠷᠥ ᠶ᠋ᠢᠨ ᠬᠠᠭᠠᠨ ᠬᠤᠸᠠᠩᠬᠡᠦ ᠶ᠋ᠢᠨ ᠬᠣᠣᠰ ᠰᠠᠨᠳᠠᠯᠢ ᠶ᠋ᠢᠨ ᠬᠤᠷᠢᠮ ᠳ᠋ᠤᠷ ᠨᠡᠢᠴᠡᠭᠦᠯᠦᠨ᠂ ᠳᠥᠷᠪᠡᠳᠦᠭᠡᠷ ᠲᠠᠢᠽᠢ ᠴᠢᠨ ᠸᠠᠩ ᠲᠣᠯᠢ ᠶ᠋ᠢᠨ ᠬᠤᠸᠠᠩᠬᠡᠦ ᠶ᠋ᠢᠨ ᠵᠠᠷᠯᠢᠭ ᠢ᠋ᠶ᠋ᠠᠷ ᠵᠢᠭᠠᠨ ᠲᠣᠭᠠᠲᠠᠭᠠᠭᠰᠠᠨ ᠬᠣᠩᠭᠢᠷᠠᠳ ᠤ᠋ᠨ ᠤᠯᠤᠰ ᠤ᠋ᠨ ᠨᠠᠭᠠᠴᠤ ᠬᠤᠳᠠᠷᠭ᠎ᠠ ᠪᠠᠭᠠᠲᠤᠷ ᠤ᠋ᠨ ᠭᠠᠭᠴᠠ ᠥᠬᠢᠨ᠂ ᠴᠢᠩᠭᠢᠰ ᠬᠠᠭᠠᠨ ᠤ᠋ ᠰᠤᠷᠭᠠᠯᠲᠠᠢ ᠬᠡᠮᠡᠬᠦ ᠨᠡᠷ᠎ᠡ ᠬᠠᠢᠷᠠᠯᠠᠭᠰᠠᠨ᠂ ᠳᠣᠲᠣᠷ᠎ᠠ ᠲᠡᠵᠢᠭᠡᠭᠰᠡᠨ ᠪᠡᠬᠢ ᠪᠦᠸᠸᠵᠦ ᠶ᠋ᠢ ᠲᠡᠭᠷᠢ ᠭᠠᠵᠠᠷ ᠢ᠋ ᠳᠠᠬᠢᠵᠤ᠂ ᠭᠠᠯ ᠭᠣᠯᠣᠮᠲᠠ ᠳ᠋ᠤᠷ ᠮᠥᠷᠭᠥᠭᠦᠯᠦᠨ᠂ ᠤᠷᠢᠳᠤᠰ ᠡᠪᠦᠭᠡᠳ ᠲᠣᠷ ᠲᠠᠪᠢᠭᠯᠠᠨ᠂ ᠬᠠᠭᠠᠨ ᠬᠤᠸᠠᠩᠬᠡᠦ ᠳ᠋ᠦ᠍ᠷ ᠶᠣᠰᠣᠯᠠᠭᠤᠯᠵᠤ᠂ ᠬᠣᠣᠰ ᠲᠡᠭᠦᠰ ᠦ᠋ᠨ ᠬᠤᠨᠳᠠᠭ᠎ᠠ ᠶ᠋ᠢ ᠬᠣᠯᠪᠣᠨ᠂ ᠶᠡᠬᠡ ᠲᠥᠷᠥ ᠳ᠋ᠦ᠍ᠷ ᠳᠠᠪᠬᠤᠷ ᠪᠠᠶᠠᠷ ᠤ᠋ᠨ ᠬᠤᠷᠢᠮ ᠬᠤᠷᠢᠮᠯᠠᠨ᠂ ᠲᠥᠷᠥ ᠨᠡᠭᠡᠭᠡᠵᠦ᠂ ᠤᠯᠤᠰ ᠪᠠᠢᠭᠤᠯᠤᠭᠰᠠᠨ ᠪᠠᠶᠠᠷ ᠨᠡᠢᠯᠡᠭᠦᠯᠵᠦ᠂ ᠲᠣᠯᠢ ᠲᠠᠢᠽᠢ ᠶ᠋ᠢᠨ ᠭᠣᠣᠯ ᠰᠢᠷᠡᠭᠡᠨ ᠦ᠌ ᠶᠡᠬᠡ ᠬᠠᠲᠤᠨ ᠢ᠋ ᠸᠠᠩ ᠹᠧᠢ ᠪᠡᠷ ᠡᠷᠭᠦᠮᠵᠢᠯᠡᠪᠡ᠃ ᠬᠣᠢᠨ᠎ᠠ ᠡᠨᠡ ᠰᠤᠷᠭᠠᠯᠲᠠᠢ ᠪᠡᠬᠢ ᠬᠠᠲᠤᠨ ᠠ᠋ᠴᠠ ᠲᠥᠷᠥᠭᠰᠡᠨ ᠠᠬᠠᠮᠠᠳ ᠲᠠᠢᠽᠢ ᠮᠥᠩᠬᠡ᠂ ᠳᠥᠷᠪᠡᠳᠦᠭᠡᠷ ᠲᠠᠢᠽᠢ ᠬᠤᠪᠢᠯᠠᠢ ᠴᠥᠮ ᠬᠠᠭᠠᠨ ᠰᠠᠭᠤᠷᠢᠨ ᠢ᠋ ᠵᠠᠯᠭᠠᠮᠵᠢᠯᠠᠨ ᠰᠠᠭᠤᠵᠤ ᠮᠣᠩᠭᠣᠯ ᠤ᠋ᠨ ᠳᠡᠯᠭᠡᠷᠡᠭᠦᠯᠦᠭᠰᠡᠨ ᠪᠣᠭᠳᠠ᠂ ᠱᠢᠽᠦ ᠸᠸᠨ ᠡᠦ ᠬᠤᠸᠠᠩᠳᠢ ᠬᠤᠪᠢᠯᠠᠢ ᠰᠡᠴᠡᠨ ᠪᠤᠶᠤ᠃ ᠬᠣᠵᠢᠮ ᠤ᠋ᠨ ᠰᠣᠲᠣᠷ᠎ᠠ ᠰᠤᠷᠭᠠᠯᠲᠠᠢ ᠪᠡᠬᠢ ᠲᠠᠢᠬᠡᠦ ᠭᠡᠮᠡᠨ ᠭᠠᠷᠬᠤ ᠠᠨᠤ ᠡᠨᠡ ᠬᠠᠲᠤᠨ ᠮᠥᠨ᠂ ᠬᠢᠴᠢᠶᠡᠨ ᠲᠡᠮᠳᠡᠭᠯᠡᠵᠦ ᠠᠪᠤᠪᠠᠰᠤ ᠵᠣᠬᠢᠮᠤᠢ᠃ ᠡᠳᠦᠭᠡ ᠡᠭᠦᠨ ᠢ᠋ ᠳᠤᠷᠠᠳᠬᠤ ᠦᠭᠡᠢ᠃
ᠲᠡᠨᠳᠡᠴᠡ ᠬᠤᠸᠠᠩᠬᠡᠦ ᠪᠠᠰᠠ ᠵᠠᠷᠯᠢᠭ ᠪᠠᠭᠤᠯᠭᠠᠨ ᠬᠠᠭᠠᠨ ᠡᠵᠡᠨ ᠦ᠌ ᠬᠤᠸᠠᠩᠳᠢ ᠶ᠋ᠢᠨ ᠰᠠᠭᠤᠷᠢᠨ᠎ᠠ ᠰᠠᠭᠤᠭᠰᠠᠨ ᠤᠷᠢᠳᠤ ᠡᠳᠦᠷ᠂ ᠳᠤᠮᠳᠠᠳᠤ ᠡᠳᠦᠷ᠂ ᠰᠡᠭᠦᠯ ᠦ᠋ᠨ ᠡᠳᠦᠷ - ᠡᠨᠡ ᠭᠤᠷᠪᠠᠨ ᠡᠳᠦᠷ ᠲᠣᠷ ᠲᠣᠬᠢᠶᠠᠯᠳᠤᠨ ᠲᠥᠷᠥᠭᠰᠡᠨ ᠨᠣᠶᠠᠳ ᠲᠦᠰᠢᠮᠡᠳ ᠦ᠋ᠨ ᠬᠥᠪᠡᠭᠦᠳ ᠢ ᠪᠠᠢᠴᠠᠭᠠᠭᠰᠠᠨ ᠳ᠋ᠤᠷ ᠲᠠᠢᠽᠢ ᠶ᠋ᠢᠨ ᠰᠠᠭᠤᠷᠢᠨ ᠳ᠋ᠤᠷ ᠰᠠᠭᠤᠬᠤ ᠶ᠋ᠢᠨ ᠤᠷᠢᠳᠤ ᠡᠳᠦᠷ᠂ ᠭᠤᠷᠪᠠᠳᠤᠭᠠᠷ ᠲᠠᠢᠽᠢ ᠥᠭᠡᠳᠡᠢ ᠴᠢᠨ ᠸᠠᠩ ᠤ᠋ᠨ ᠳᠡᠳ᠋ ᠬᠠᠲᠤᠨ ᠠ᠋ᠴᠠ ᠨᠢᠭᠡᠨ ᠬᠥᠪᠡᠭᠦᠨ ᠲᠥᠷᠥᠭᠰᠡᠨ ᠢ᠋ ᠬᠤᠸᠠᠩᠬᠡᠦ ᠶ᠋ᠢᠨ ᠵᠠᠷᠯᠢᠭ ᠢ᠋ᠶ᠋ᠠᠷ ᠨᠡᠷ᠎ᠡ ᠶ᠋ᠢ ᠬᠡᠦᠬᠡᠨ ᠪᠦᠬᠦ ᠭᠡᠮᠡᠨ ᠬᠠᠢᠷᠠᠯᠠᠪᠠ᠃ ᠪᠦᠬᠦ ᠬᠡᠮᠡᠭᠴᠢ ᠪᠠᠲᠤ ᠪᠥᠬᠡ ᠶ᠋ᠢ ᠬᠡᠯᠡᠭᠰᠡᠨ ᠮᠣᠩᠭᠣᠯ ᠦᠭᠡᠰ᠃
ᠵᠢᠴᠢ ᠲᠠᠢᠽᠢ ᠰᠠᠭᠤᠷᠢᠨ ᠳ᠋ᠤᠷ ᠰᠠᠭᠤᠵᠤ ᠥᠷᠯᠥᠭᠡ ᠬᠠᠷᠠᠬᠠᠨ ᠴᠠᠭᠠᠨ ᠭᠡᠷᠡᠯ ᠪᠤᠲᠠᠷᠠᠨ ᠭᠡᠢᠭᠦᠯᠬᠦᠶᠡ᠂ ᠤᠭᠰᠠᠭ᠎ᠠ ᠶ᠋ᠢᠨ ᠳᠣᠭᠳᠣᠩᠭᠤ ᠪᠠᠭᠠᠲᠤᠷ ᠠ᠋ᠴᠠ ᠨᠢᠭᠡᠨ ᠬᠥᠪᠡᠭᠦᠨ ᠲᠥᠷᠥᠭᠰᠡᠨ ᠢ᠋ᠶ᠋ᠡᠷ ᠴᠠᠭᠠᠨ ᠮᠥᠷᠲᠦ ᠰᠠᠢᠨ ᠪᠡᠯᠭᠡ ᠭᠡᠮᠡᠨ ᠬᠤᠸᠠᠩᠬᠡᠦ ᠶ᠋ᠢᠨ ᠵᠠᠷᠯᠢᠭ ᠢ᠋ᠶ᠋ᠠᠷ ᠨᠡᠷ᠎ᠡ ᠶ᠋ᠢ ᠴᠠᠭᠠᠨ ᠭᠡᠮᠡᠨ ᠬᠠᠢᠷᠠᠯᠠᠪᠠ᠃ ᠲᠠᠢᠽᠢ ᠶ᠋ᠢᠨ ᠰᠠᠭᠤᠷᠢᠨ ᠳ᠋ᠤᠷ ᠰᠠᠭᠤᠭᠰᠠᠨ ᠳᠠᠷᠠᠭ᠎ᠠ ᠡᠳᠦᠷ᠂ ᠰᠦᠪᠡᠭᠡᠲᠡᠢ ᠪᠠᠭᠠᠲᠤᠷ ᠠᠩᠬ᠎ᠠ ᠬᠥᠪᠡᠭᠦᠨ ᠲᠡᠢ ᠪᠣᠯᠵᠤ᠂ ᠣᠷᠢᠶᠠᠩᠬᠠᠨ ᠤ᠋ ᠵᠠᠯᠮ᠎ᠠ ᠤᠯᠠᠮᠵᠢᠯᠠᠨ ᠬᠤᠸᠠᠩᠬᠡᠦ ᠳ᠋ᠦ᠍ᠷ ᠠᠢᠯᠠᠤᠬᠠᠭᠰᠠᠨᠠ ᠵᠠᠷᠯᠢᠭ ᠢ᠋ᠶ᠋ᠠᠷ ᠨᠡᠷ᠎ᠡ ᠶ᠋ᠢ ᠤᠷᠢᠶᠠᠩᠬᠤᠲᠠᠢ ᠭᠡᠮᠡᠨ ᠬᠠᠢᠷᠠᠯᠠᠵᠤ᠂ ᠬᠤᠸᠠᠩᠬᠡᠦ ᠰᠥᠪᠡᠭᠡᠲᠡᠢ ᠪᠠᠭᠠᠲᠤᠷ ᠢ᠋ ᠳᠠᠭᠤᠳᠠᠨ ᠪᠠᠷᠠᠭᠠᠳᠠᠭᠤᠯᠤᠨ ᠨᠢᠭᠤᠷ ᠤ᠋ᠨ ᠡᠮᠦᠨ᠎ᠡ ᠰᠥᠭᠥᠳᠬᠡᠵᠦ ᠵᠠᠷᠯᠢᠭ ᠪᠣᠯᠤᠷᠤᠨ :
《 ᠴᠢᠨᠦ ᠡᠨᠡ ᠬᠥᠪᠡᠭᠦᠨ ᠢ᠋ ᠲᠦᠷᠦᠬᠦᠶ᠎ᠡ ᠡᠨᠡ ᠥᠷᠯᠥᠭᠡ ᠠᠢᠯᠠᠳᠬᠠᠬᠤᠢ ᠶ᠋ᠢᠨ ᠤᠷᠢᠳᠬᠠᠨ᠂ ᠥᠷᠯᠥᠭᠡ ᠶ᠋ᠢᠨ ᠵᠡᠭᠦᠳᠦᠨ᠎ᠡ᠂ ᠮᠢᠨᠦ ᠪᠡᠶ᠎ᠡ ᠡᠨᠡᠳᠬᠡᠭ ᠲᠢᠪ ᠦ᠋ᠨ ᠯᠤᠤ ᠣᠷᠢᠶᠠᠭᠰᠠᠨ ᠣᠩᠭᠣᠴᠠ ᠳ᠋ᠤᠷ ᠰᠠᠭᠤᠵᠤ᠂ ᠡᠮᠦᠨ᠎ᠡ ᠳᠠᠯᠠᠢ ᠶ᠋ᠢ ᠭᠡᠲᠦᠯᠦᠮᠦᠢ ᠭᠡᠮᠡᠨ ᠵᠡᠭᠦᠳᠦᠯᠡᠪᠡ᠃ ᠴᠢᠨᠦ ᠡᠨᠡ ᠬᠥᠪᠡᠭᠦᠨ ᠬᠣᠢᠴᠢ ᠡᠳᠦᠷ ᠡᠷᠬᠡ ᠦᠭᠡᠢ ᠶᠡᠬᠡ ᠬᠣᠯᠠ ᠠᠭᠯᠠᠭ ᠢ᠋ ᠣᠷᠣᠭᠤᠯᠵᠤ ᠠᠪᠬᠤ ᠪᠡᠯᠭᠡ ᠪᠣᠢ ᠠᠮᠤᠢ᠃ ᠠᠷᠢᠭᠤᠨ ᠴᠡᠭᠡᠷ ᠰᠠᠢᠬᠠᠨ ᠬᠢᠴᠢᠶᠡᠨ ᠲᠡᠵᠢᠭᠡᠭᠲᠦᠨ 》ᠭᠡᠮᠡᠨ ᠭᠤᠷᠪᠠᠨ ᠬᠡᠦᠬᠡᠳ ᠲᠦ᠍ᠷ ᠨᠢᠭᠡᠨ ᠠᠳᠠᠯᠢ ᠶᠢᠰᠦᠨ ᠡᠷᠳᠡᠨᠢᠰ ᠬᠠᠲᠠᠭᠰᠠᠨ ᠥᠯᠥᠭᠡᠢ ᠮᠠᠨᠴᠤᠢ ᠬᠥᠰᠢᠭᠡ ᠪᠦᠷᠬᠦᠭᠦᠯ ᠬᠦᠷᠲᠡᠭᠡᠪᠡᠢ᠃ ᠦᠳᠡ ᠶ᠋ᠢᠨ ᠬᠣᠢᠰᠢ ᠪᠠᠰᠠ ᠵᠢᠨᠦᠩ ᠮᠤᠬᠤᠯᠢ ᠶ᠋ᠢᠨ ᠳᠡᠳ᠋ ᠬᠠᠲᠤᠨ ᠠ᠋ᠴᠠ ᠪᠠᠰᠠ ᠨᠢᠭᠡᠨ ᠬᠥᠪᠡᠭᠦᠨ ᠲᠥᠷᠥᠭᠰᠡᠨ ᠢ᠋ ᠠᠢᠯᠠᠳᠬᠠᠭᠰᠠᠨ ᠳ᠋ᠤᠷ ᠰᠠᠢᠨ ᠪᠡᠯᠭᠡ ᠳ᠋ᠦ᠍ᠷ ᠲᠠᠭᠠᠴᠠᠵᠤᠬᠤᠢ ᠭᠡᠮᠡᠨ ᠲᠠᠭᠠᠷᠴᠠᠭ ᠭᠡᠮᠡᠨ ᠨᠡᠷ᠎ᠡ ᠬᠠᠢᠷᠠᠯᠠᠪᠠ᠃ ᠡᠨᠡ ᠳᠥᠷᠪᠡᠨ ᠵᠠᠩᠵᠤᠨ ᠬᠣᠢᠨ᠎ᠠ ᠦᠨᠡᠬᠡᠷ ᠴᠥᠮ ᠢ᠋ᠶ᠋ᠡᠷ ᠶᠡᠬᠡ ᠶᠤᠸᠠᠨᠱᠤᠸᠠᠢ ᠪᠣᠯᠤᠯᠴᠠᠵᠤᠬᠤᠢ᠃ ᠤᠭ ᠬᠠᠭᠤᠴᠢᠨ 《ᠬᠥᠬᠡ ᠰᠣᠲᠣᠶᠠ 》ᠡᠨᠡ ᠳᠥᠷᠪᠡᠨ ᠠᠢᠯᠬᠤᠬᠠᠯ ᠳ᠋ᠤᠷ ᠣᠷᠣᠭᠰᠠᠨ ᠬᠥᠪᠡᠭᠦᠨ ᠢ᠋ ᠳᠥᠷᠪᠡᠨ ᠯᠤᠤ ᠶ᠋ᠢᠨ ᠠᠵᠢᠨᠠᠢ ᠬᠡᠮᠡᠵᠦᠬᠦᠢ᠃ ᠠᠵᠢᠨᠠᠢ ᠬᠡᠮᠡᠭᠴᠢ ᠮᠥᠨ ᠬᠦ᠌ ᠮᠢᠩᠭᠠᠨ ᠭᠠᠵᠠᠷ ᠶᠠᠪᠤᠬᠤ ᠡᠷᠳᠡᠨᠢ ᠶ᠋ᠢᠨ ᠮᠣᠷᠢᠨ ᠢ᠋ ᠬᠡᠯᠡᠵᠦᠬᠦᠢ᠃ ᠲᠡᠷᠢᠭᠦᠨ ᠳ᠋ᠦ᠍ᠷ ᠬᠡᠦᠬᠡᠨ ᠪᠦᠬᠦ᠂ ᠳᠡᠳ᠋ ᠲᠣᠷ ᠴᠠᠭᠠᠨ ᠵᠠᠩᠵᠤᠨ᠂ ᠭᠤᠲᠠᠭᠠᠷ ᠲᠤᠷ ᠣᠷᠢᠶᠠᠩᠬᠤᠳᠠᠢ ᠪᠠᠭᠠᠲᠤᠷ᠂ ᠲᠦᠳᠡᠬᠡᠷ ᠲᠣᠷ ᠲᠠᠭᠠᠷᠴᠠᠭ ᠶᠤᠸᠠᠨᠱᠤᠸᠠᠢ ᠬᠡᠮᠡᠵᠦᠬᠦᠢ᠃ ᠬᠣᠢᠨ᠎ᠠ ᠶᠤᠸᠠᠨ ᠲᠠᠢᠽᠥ᠋ᠩ᠂ ᠳ᠋ᠢᠩᠽᠥ᠋ᠩ᠂ ᠰᠢᠶᠠᠨᠽᠥ᠋ᠩ ᠱᠢᠽᠦ ᠲᠠᠨ ᠤ᠋ ᠦᠶ᠎ᠡ ᠳ᠋ᠦ᠍ᠷ ᠡᠨᠡ ᠳᠥᠷᠪᠡᠨ ᠶᠡᠬᠡ ᠵᠠᠩᠵᠤᠨ ᠳᠠᠷᠠᠭ᠎ᠠ ᠳᠠᠷᠠᠭ᠎ᠠ ᠪᠠᠷ ᠳᠥᠷᠪᠡᠨ ᠵᠦᠭ ᠢ᠋ ᠶᠡᠬᠡᠳᠡ ᠳᠠᠢᠯᠠᠨ ᠶᠠᠪᠤᠵᠤᠬᠤᠢ᠃ ᠡᠨᠡ ᠴᠦ᠍ ᠮᠥᠨ ᠬᠦ᠌ ᠬᠣᠵᠢᠮ ᠤ᠋ᠨ ᠬᠡᠷᠡᠭ ᠲᠤᠯᠠ ᠪᠠᠰᠠ ᠲᠣᠭᠠᠴᠢᠬᠤ ᠦᠭᠡᠢ᠃
ᠣᠳᠣ ᠭᠠᠭᠴᠠ ᠥᠭᠦᠯᠡᠬᠦ ᠢᠨᠦ᠂ ᠶᠡᠬᠡ ᠲᠥᠷᠥ ᠶ᠋ᠢᠨ ᠴᠢᠬᠤᠯᠠ ᠦᠢᠯᠡ ᠢᠨᠤ ᠴᠢᠩᠭᠢᠰ ᠬᠠᠭᠠᠨ ᠵᠠᠭᠤᠨ ᠰᠠᠢᠳ ᠤ᠋ᠳ ᠲᠤᠷ ᠵᠠᠷᠯᠢᠭ ᠪᠠᠭᠤᠯᠭᠠᠨ᠂ ᠪᠤᠷᠬᠠᠨ ᠬᠠᠯᠲᠤᠨ᠎ᠠ ᠳ᠋ᠤᠷ ᠭᠤᠷᠪᠠᠨ ᠬᠦᠷᠢᠶ᠎ᠡ ᠡᠪᠦᠭᠡᠳ ᠦ᠋ᠨ ᠲᠠᠬᠢᠯᠭ᠎ᠠ ᠶ᠋ᠢᠨ ᠣᠷᠳᠣᠨ ᠭᠡᠷ ᠪᠣᠰᠬᠠᠨ ᠬᠠᠮᠤᠭ ᠤ᠋ᠨ ᠲᠡᠷᠢᠭᠦᠨ᠎ᠡ ᠬᠠᠪᠤᠯ ᠬᠠᠭᠠᠨ᠂ ᠳᠡᠳ᠋ ᠲᠣᠷ ᠪᠠᠷᠳᠠᠮ ᠪᠠᠭᠠᠲᠤᠷ᠂ ᠭᠤᠷᠪᠠᠳᠤᠭᠠᠷ ᠲᠤᠷ ᠶᠢᠰᠦᠭᠡᠢ ᠪᠠᠭᠠᠲᠤᠷ – ᠡᠨᠡ ᠨᠡᠬᠡᠵᠦ ᠡᠷᠭᠦᠮᠵᠢᠯᠡᠭᠰᠡᠨ ᠭᠤᠷᠪᠠᠨ ᠦᠶ᠎ᠡ ᠶ᠋ᠢᠨ ᠰᠠᠬᠢᠭᠤᠯᠰᠤᠨ ᠤ᠋ ᠰᠠᠭᠤᠷᠢ ᠶ᠋ᠢ ᠳᠠᠬᠢᠵᠤ᠂ ᠬᠠᠪᠤᠯ ᠬᠠᠭᠠᠨ ᠤ᠋ ᠪᠠᠢᠯᠳᠤᠭᠠᠨ᠎ᠠ ᠣᠷᠣᠬᠤ ᠬᠠᠷ᠎ᠠ ᠲᠤᠭ ᠢ᠋ ᠭᠣᠣᠯᠯᠠᠨ ᠳᠠᠬᠢᠵᠤ᠂ ᠡᠭᠦᠨᠦ ᠳᠡᠭᠡᠭᠰᠢ ᠦᠶ᠎ᠡ᠂ ᠪᠤᠲᠠᠨᠴᠢᠷ ᠪᠣᠭᠳᠠ ᠳ᠋ᠤᠷ ᠬᠦᠷᠲᠡᠯ᠎ᠡ ᠪᠠᠰᠠ ᠶᠢᠰᠦᠨ ᠦᠶ᠎ᠡ ᠶ᠋ᠢᠨ ᠴᠠᠭᠠᠨ ᠭᠡᠷ ᠪᠤᠰᠬᠠᠨ ᠲᠣᠭᠲᠠᠭᠠᠵᠤ ᠪᠠᠯᠲᠤ ᠠᠷᠠᠯ ᠤ᠋ᠨ ᠬᠣᠷᠣᠭ᠎ᠠ ᠳ᠋ᠤᠷ ᠲᠠᠬᠢᠭᠤᠯᠪᠠ᠃
ᠲᠡᠳᠦᠢ᠂ ᠰᠠᠶᠢ ᠡᠨᠡ ᠨᠢᠭᠡᠨ ᠲᠥᠷᠥ ᠪᠣᠯᠤᠭᠰᠠᠨ ᠡᠨᠡ ᠤᠳᠠᠭ᠎ᠠ ᠶ᠋ᠢᠨ ᠶᠡᠬᠡ ᠴᠢᠭᠤᠯᠭᠠᠨ ᠨᠡᠢᠯᠡᠭᠰᠡᠨ ᠳᠠᠯᠠᠨ ᠲᠠᠪᠤᠨ ᠠᠢᠮᠠᠭ ᠤ᠋ᠨ ᠨᠡᠷ᠎ᠡ ᠢᠨᠦ᠄
ᠪᠣᠷᠵᠢᠭᠢᠳ᠂ ᠰᠦᠯᠳᠡᠰᠦᠨ᠂ ᠵᠠᠯᠢᠶᠠᠷᠤᠨ᠂ ᠲᠠᠲ᠋ᠠᠷ᠂
ᠱᠠᠯᠵᠢᠲᠠᠢ᠂ ᠬᠠᠩᠳᠠᠨ᠂ ᠵᠦᠷᠴᠢᠳ᠂ ᠸᠠᠢᠯᠠᠨ᠂
ᠣᠢᠷᠠᠳ᠂ ᠵᠠᠯᠠᠢᠳ᠂ ᠬᠠᠴᠢᠭᠤᠨ᠂ ᠲᠠᠢᠴᠢᠭᠤᠳ᠂
ᠥᠬᠦᠭᠰᠢᠨ᠂ ᠪᠢᠲᠡᠭᠦᠳ᠂ ᠰᠣᠯᠣᠩᠭ᠎ᠠ᠂ ᠪᠠᠭᠠᠷᠢᠨ᠂
ᠪᠠᠭᠠᠲᠤᠳ᠂ ᠵᠦᠷᠴᠢᠳ᠂ ᠬᠠᠷᠭᠠᠢ᠂ ᠯᠠᠢᠬᠠᠳ᠂
ᠮᠠᠩᠨᠤᠭᠲᠤ᠂ ᠭᠢᠯᠦᠭᠡᠳ᠂ ᠰᠣᠯᠤᠩᠭᠤᠳ᠂ ᠣᠩᠭᠣᠳ᠂
ᠬᠤᠢᠨ᠂ ᠠᠷᠠᠯᠤᠳ᠂ ᠭᠡᠷᠡᠯᠲᠡᠢ᠂ ᠰᠠᠮᠤᠹ᠂
ᠮᠠᠩᠨᠢᠭᠤᠳ᠂ ᠨᠠᠢᠯᠵᠢ᠂ ᠰᠣᠯᠣᠩᠭᠣᠰ᠂ ᠬᠠᠷᠴᠢᠷᠢᠭ᠂
ᠬᠡᠷᠡᠨᠡᠦᠭᠦᠳ᠂ ᠣᠷᠢᠶᠠᠩᠬᠠᠨ᠂ ᠴᠢᠮᠡᠳ᠂ ᠭᠣᠷᠯᠣᠳ᠂
ᠬᠣᠣᠷᠯᠢ᠂ ᠴᠠᠢᠯᠵᠢ᠂ ᠲᠣᠭᠮᠤᠭ᠂ ᠨᠠᠢ᠍ᠮᠠᠨ᠂
ᠬᠠᠲᠠᠭᠢᠨ᠂ ᠪᠠᠰᠤᠳ᠂ ᠲᠣᠷᠭᠤᠳ᠂ ᠭᠣᠷᠯᠤᠰᠤᠨ᠂
ᠰᠢᠷᠮᠠᠨ᠂ ᠮᠠᠢᠯᠵᠢ᠂ ᠰᠠᠷᠲᠠᠭᠤᠯ᠂
ᠰᠠᠯᠵᠢᠭᠤᠳ᠂ ᠬᠣᠩᠬᠣᠳᠠᠨ᠂ ᠪᠠᠷᠯᠠᠰ᠂ ᠬᠤᠤᠷᠯᠤᠭ᠂
ᠲᠤᠵᠢ᠂ ᠰᠥᠨᠢᠳ᠂ ᠲᠤᠩᠨᠠᠢ᠂
ᠬᠡᠷᠡᠢᠳ᠂ ᠬᠦᠢᠰᠡᠨ᠂ ᠳᠠᠷᠬᠠᠳ᠂ ᠰᠠᠺᠠᠷᠢᠭ᠂
ᠸᠠᠩᠬᠦᠪ᠂ ᠣᠷᠤᠳ᠂ ᠬᠡᠴᠤᠳ᠂
ᠣᠯᠭᠤᠨᠤᠳ᠂ ᠲᠠᠬᠠᠷ᠂ ᠰᠢᠯᠲᠡᠳ᠂ ᠳᠥᠷᠪᠡᠳ᠂
ᠪᠠᠳᠤᠨ᠎ᠠ᠂ ᠲᠥᠯᠥᠭᠡᠨ᠂ ᠵᠤᠯᠠᠢ᠂
ᠬᠣᠩᠭᠢᠷᠠᠳ᠂ ᠪᠠᠶᠠᠭᠤᠳ᠂ ᠮᠡᠷᠭᠢᠳ᠂ ᠥᠭᠡᠯᠡᠳ᠂
ᠬᠠᠷᠠᠨᠤᠳ᠂ ᠬᠤᠩᠵᠢᠯᠠ᠂ ᠦᠶᠦᠳ
ᠡᠨᠡ ᠳᠠᠯᠠᠨ ᠲᠠᠪᠤᠨ ᠠᠢᠮᠠᠭ ᠮᠥᠨ᠃ ᠡᠨᠡ ᠢᠨᠤ ᠴᠥᠮ ᠢ᠋ᠶ᠋ᠡᠷ ᠡᠵᠡᠨ ᠰᠠᠢᠳ ᠲᠤᠷ ᠴᠡᠷᠢᠭ ᠢᠷᠭᠡᠨ ᠲᠡᠢ ᠪᠠᠭ᠎ᠠ ᠤᠯᠤᠰ ᠠᠢᠮᠠᠭ ᠤ᠋ᠳ ᠪᠤᠶᠤ᠃ ᠡᠨᠡ ᠨᠢᠭᠡᠨᠲᠡ ᠨᠡᠢᠯᠡᠭᠦᠯᠦᠨ ᠬᠠᠮᠲᠤᠳᠬᠠᠭᠰᠠᠨ ᠳ᠋ᠤᠷ ᠤᠮᠠᠷᠠᠲᠤ ᠳᠠᠯᠠᠢ ᠶ᠋ᠢᠨ ᠡᠮᠦᠨ᠎ᠡ ᠬᠥᠪᠡᠭᠡᠨ ᠦ᠌ ᠣᠷᠣᠰ ᠤᠯᠤᠰ ᠤ᠋ᠨ ᠡᠮᠦᠨ᠎ᠡ ᠭᠤᠷᠪᠠᠨ ᠮᠣᠵᠢ ᠲᠠᠢ ᠣᠷᠴᠢᠨ ᠲᠣᠭᠣᠷᠢᠨ ᠬᠡᠳᠦ ᠬᠡᠳᠦᠨ ᠮᠢᠩᠭᠠᠨ ᠭᠠᠵᠠᠷ ᠴᠥᠮ ᠨᠢᠭᠡᠨ ᠪᠣᠯᠤᠭᠠᠳ ᠂ ᠪᠠᠷᠠᠭᠤᠨ ᠲᠠᠩᠭᠤᠳ ᠤᠯᠤᠰ ᠤ᠋ᠨ ᠵᠡᠭᠦᠨ ᠬᠣᠢᠲᠤ ᠵᠠᠬ᠎ᠠ ᠶ᠋ᠢᠨ ᠯᠢ ᠵᠢᠢ ᠯᠢ ᠬᠣᠷᠣᠭ᠎ᠠ ᠪᠠ ᠵᠢᠷᠯᠤᠭ ᠬᠣᠲᠠ ᠶ᠋ᠢᠨ ᠭᠤᠷᠪᠠᠨ ᠮᠣᠵᠢ ᠴᠤ᠌ ᠮᠥᠨ ᠰᠡᠮᠡᠬᠡᠷ ᠳᠠᠭᠠᠵᠤ ᠠᠯᠪᠠ ᠪᠠᠷᠢᠯᠴᠠᠮᠤᠢ᠃ ᠡᠨᠡ ᠦᠶ᠎ᠡ ᠳ᠋ᠦ᠍ᠷ ᠲᠠᠩᠭᠤᠳ ᠤᠯᠤᠰ ᠤ᠋ᠨ ᠡᠵᠡᠨ ᠯᠢ ᠼᠦᠨ ᠢᠦ ᠨᠢᠭᠡᠨᠲᠡ ᠵᠢᠷᠭᠤᠭᠠᠨ ᠤᠵᠢᠳ ᠵᠢᠷᠭᠠᠯ ᠴᠡᠩᠭᠡᠯ ᠳ᠋ᠦ᠍ᠷ ᠨᠡᠷᠪᠡᠭᠳᠡᠨ ᠰᠣᠭᠲᠣᠭᠤᠷᠠᠵᠤ᠂ ᠤᠯᠤᠰ ᠲᠥᠷᠥ ᠶ᠋ᠢᠨ ᠵᠠᠰᠠᠭ ᠤ᠋ᠨ ᠦᠢᠯᠡ ᠨᠢᠭᠡᠨᠲᠡ ᠵᠠᠢᠳᠠᠩᠳᠠᠭᠰᠠᠨ ᠤ᠋ ᠳᠡᠭᠡᠷ᠎ᠡ᠂ ᠪᠡᠶ᠎ᠡ ᠮᠥᠨ ᠮᠥᠩᠭᠥᠨ᠂ ᠮᠥᠯᠰᠥᠨ – ᠢᠨ᠂ ᠪᠢᠩ ᠬᠣᠶᠠᠷ ᠬᠤᠪᠢᠯᠭᠠᠨ ᠹᠧᠢ ᠯᠦ᠍ᠭᠡ ᠣᠵᠢᠳᠯᠠᠭᠰᠠᠭᠠᠷ ᠲᠠᠷᠢᠬᠢ ᠴᠢᠮᠥᠭᠡ ᠬᠣᠭᠣᠰᠣᠷᠠᠭᠰᠠᠨ ᠥᠩᠭᠡ ᠶ᠋ᠢᠨ ᠡᠪᠡᠳᠴᠢᠨ ᠣᠯᠵᠤ ᠂ ᠨᠢᠷᠤᠭᠤ ᠪᠥᠭᠲᠥᠢᠨ ᠴᠢᠷᠠᠢ ᠰᠢᠷᠠᠯᠠᠨ ᠴᠡᠭᠡᠵᠢ ᠡᠴᠡ ᠬᠥᠨᠳᠡᠢ ᠬᠠᠨᠢᠶᠠᠳᠤᠮ ᠡᠭᠦᠰᠴᠦ ᠂ ᠵᠠᠭᠠᠷ ᠬᠦᠵᠢᠰ ᠲᠠᠵᠢ ᠨᠣᠯᠣᠮ ᠤ᠋ᠨ ᠵᠥᠭᠡᠯᠡᠨ ᠨᠡᠮᠡᠭᠦᠨ ᠂ ᠭᠡᠨᠵᠢ ᠴᠢᠳᠥᠷ ᠦ᠋ᠨ ᠳᠣᠲᠣᠷ᠎ᠠ ᠬᠦᠯᠢᠭᠳᠡᠵᠦ ᠂ ᠴᠡᠴᠡᠭ ᠦ᠋ᠨ ᠳᠣᠣᠷᠠᠬᠢ ᠴᠢᠬᠡᠷ ᠬᠡᠭᠡᠨᠴᠢᠷ ᠴᠢᠳᠬᠥᠷ ᠪᠤᠯᠬᠤᠢ ᠳ᠋ᠤᠷ ᠭᠦᠷᠦᠭᠰᠡᠨ᠎ᠡ ᠂ ᠣᠢᠷ᠎ᠠ ᠤᠭᠰᠠᠭ᠎ᠠ ᠶ᠋ᠢᠨ ᠶᠦᠸᠡᠢ ᠸᠠᠩ – ᠯᠢ ᠠᠨ ᠴᠢᠤᠸᠠᠨ ᠰᠠᠭᠤᠷᠢᠨ ᠢ᠋ ᠡᠵᠡᠯᠡᠬᠦ ᠰᠠᠨᠠᠭ᠎ᠠ ᠨᠢᠭᠡᠨᠲᠡ ᠲᠣᠭᠲᠠᠭᠰᠠᠨ ᠢ᠋ᠶ᠋ᠠᠷ ᠵᠡᠭᠦᠨ ᠬᠣᠢᠲᠤ ᠮᠣᠵᠢ ᠶ᠋ᠢ ᠮᠣᠩᠭᠣᠯ ᠤᠯᠤᠰ ᠲᠤᠷ ᠡᠵᠡᠯᠡᠭᠦᠯᠦᠨ᠂ ᠭᠠᠭᠴᠠ᠂ ᠲᠦᠭᠦᠬᠡᠢ ᠬᠦᠴᠦᠲᠦ ᠴᠡᠷᠢᠭ ᠵᠢᠭᠡᠯᠡᠨ ᠵᠠᠷᠤᠬᠤ ᠪᠠᠨ ᠪᠡᠯᠡᠳᠬᠡᠬᠦ ᠪᠣᠢ ᠶᠠ᠃ ᠬᠣᠢᠲᠤ ᠪᠡᠶ᠎ᠡ ᠶ᠋ᠢᠨ ᠭᠠᠵᠠᠷ ᠣᠷᠣᠨ ᠢ᠋ ᠠᠰᠢᠭ ᠦᠭᠡᠢ ᠭᠡᠮᠡᠨ ᠰᠢᠭᠤᠳ ᠪᠤᠯᠢᠶᠠᠯᠳᠤᠨ ᠬᠠᠮᠠᠭᠠᠯᠠᠬᠤ ᠦᠭᠡᠢ ᠪᠣᠯᠵᠤᠬᠤᠢ᠃ ᠴᠢᠩᠭᠢᠰ ᠬᠠᠭᠠᠨ ᠤ᠋ ᠰᠠᠭᠤᠷᠢᠨ ᠳ᠋ᠤᠷ ᠰᠠᠭᠤᠭᠰᠠᠨ ᠵᠠᠷᠯᠢᠭ ᠪᠢᠴᠢᠭ ᠢ᠋ ᠬᠣᠯᠠ ᠠᠭᠯᠠᠭ ᠰᠥᠩ ᠤᠯᠤᠰ᠂ ᠠᠯᠲᠠᠨ ᠤᠯᠤᠰ᠂ ᠶᠡᠬᠡ ᠰᠣᠯᠣᠩᠭ᠎ᠠ ᠤᠯᠤᠰ᠂ ᠪᠠᠷᠠᠭᠤᠨ ᠲᠠᠩᠭᠤᠳ ᠤᠯᠤᠰ᠂ ᠪᠠᠷᠠᠭᠤᠨ ᠬᠣᠢᠲᠤ ᠤᠢᠭᠤᠷ ᠤᠯᠤᠰ᠂ ᠰᠠᠷᠲᠠᠭᠤᠯ ᠤᠯᠤᠰ᠂ ᠴᠢᠬᠡ ᠪᠠᠷᠠᠭᠤᠨ ᠲᠠᠩᠭᠤᠳ ᠤᠯᠤᠰ᠂ ᠳᠡᠭᠦᠨᠦ ᠪᠠᠷᠭᠠᠳᠳᠠ ᠶ᠋ᠢᠨ ᠲᠥᠪᠡᠳ ᠤᠯᠤᠰ ᠪᠦᠷᠢ ᠳ᠋ᠦ᠍ᠷ ᠴᠥᠮ ᠡᠯᠴᠢ ᠵᠠᠷᠤᠨ ᠰᠠᠢᠨ ᠢ᠋ᠶ᠋ᠠᠷ ᠰᠣᠨᠣᠰᠬᠠᠨ ᠵᠠᠷᠯᠠᠵᠤ ᠢᠯᠡᠭᠡᠪᠡ᠃
ᠲᠡᠳᠦᠢ ᠰᠠᠶᠢ ᠣᠳᠣ ᠬᠠᠭᠤᠴᠢᠨ ᠯᠢᠶᠣᠣ ᠤᠯᠤᠰ ᠤ᠋ᠨ ᠦᠯᠡᠳᠡᠪᠦᠷᠢ ᠤᠭᠰᠠᠭ᠎ᠠ ᠶ᠋ᠢᠨ ᠶᠧ ᠯᠢᠦᠢ ᠯᠢᠦ ᠬᠸ ᠦ᠋ᠨ ᠯᠢᠶᠣᠣ ᠳ᠋ᠦᠩ ᠦ᠋ᠨ ᠭᠠᠵᠠᠷ ᠠ᠋ᠴᠠ ᠠᠢᠯᠠᠳᠬᠠᠭᠰᠠᠨ ᠪᠣᠳᠣᠷᠣᠣᠯ ᠪᠢᠴᠢᠭ ᠪᠠ ᠶᠧ ᠯᠢᠦᠢ ᠯᠢᠦ ᠬᠸ ᠦ᠋ᠨ ᠪᠠᠲᠤᠯᠠᠵᠤ ᠢᠯᠡᠭᠡᠭᠰᠡᠨ ᠣᠢᠷ᠎ᠠ ᠤᠷᠤᠭ ᠤ᠋ᠨ ᠬᠠᠭᠤᠴᠢᠨ ᠯᠢᠶᠣᠣ ᠤᠯᠤᠰ ᠤ᠋ᠨ ᠱᠢ ᠯᠠᠩ ᠲᠦᠰᠢᠮᠡᠯ ᠢᠳᠡᠲᠡᠢ ᠬᠡᠮᠡᠭᠴᠢ ᠨᠢᠭᠡ᠂ ᠵᠢᠴᠢ ᠮᠥᠨ ᠬᠦ᠌ ᠯᠢᠶᠣᠣ ᠤᠯᠤᠰ ᠤ᠋ᠨ ᠽᠠᠨ ᠵᠸᠡᠭ ᠲᠦᠰᠢᠮᠡᠯ ᠶᠠᠪᠤᠭᠰᠠᠨ᠂ ᠣᠪᠣᠭ ᠭᠦᠸᠧ᠂ ᠨᠡᠷ᠎ᠡ ᠪᠦᠦ ᠢᠦᠢ᠂ ᠡᠨᠡ ᠬᠣᠶᠠᠷ ᠬᠥᠮᠦᠨ᠂ ᠵᠢᠴᠢ ᠠᠯᠲᠠᠨ ᠤᠯᠤᠰ ᠤ᠋ᠨ ᠨᠠ ᠵᠢᠢ᠂ ᠠᠯᠲᠠᠨ ᠤᠯᠤᠰ ᠤ᠋ᠨ ᠸᠧᠢ ᠸᠠᠩ᠂ ᠸᠠᠨ ᠶᠠᠨ ᠶᠦᠩ ᠵᠢᠢ ᠤᠮᠠᠷᠠᠲᠤ ᠤᠯᠤᠰ᠂ ᠭᠠᠳᠠᠭᠠᠳᠤ ᠠᠢᠮᠠᠭ ᠤ᠋ᠳ ᠯᠤᠭ᠎ᠠ ᠠᠮᠠᠷᠬᠠᠯᠠᠨ᠂ ᠬᠡᠳᠦᠨ ᠮᠢᠩᠭᠠᠨ ᠠᠭᠲᠠ ᠶ᠋ᠢᠨ ᠬᠠᠬᠤᠤᠯᠢ ᠢᠳᠡᠵᠦ᠂ ᠠᠰᠢᠭ ᠢ᠋ ᠬᠢᠴᠢᠶᠡᠨ ᠤᠯᠤᠰ ᠢ᠋ ᠬᠤᠳᠠᠯᠳᠤᠬᠤ ᠰᠠᠨᠠᠭᠠᠨ ᠠᠮᠤᠢ ᠭᠡᠮᠡᠨ ᠬᠣᠴᠢᠯᠠᠨ ᠠᠢᠯᠠᠳᠬᠠᠵᠤ᠂ ᠸᠠᠨ ᠶᠠᠨ ᠠ ᠰᠢᠨ ᠨᠠ ᠶ᠋ᠢᠨ ᠨᠢᠭᠡᠨ ᠵᠡᠷᠭᠡ ᠶ᠋ᠢᠨ ᠽᠦᠩ ᠪᠢᠩ – ᠢᠦ ᠵᠢᠢ ᠶ᠋ᠢᠨ ᠵᠡᠷᠭᠡ ᠶ᠋ᠢᠨ ᠰᠠᠢᠳ ᠢ᠋ ᠴᠥᠮ ᠡᠪᠳᠡᠵᠦ ᠰᠤᠯᠠ ᠢᠷᠭᠡᠨ ᠪᠣᠯᠭᠠᠨ᠂ ᠬᠣᠢᠲᠤ ᠡᠦ ᠱᠠ ᠫᠦ ᠬᠡᠮᠡᠬᠦ ᠪᠣᠭᠣᠮᠲᠠ ᠬᠠᠪᠴᠢᠯ ᠤ᠋ᠨ ᠴᠡᠷᠢᠭ ᠦ᠋ᠨ ᠬᠦᠷᠢᠶ᠎ᠡ ᠳ᠋ᠦ᠍ᠷ ᠲᠤᠰᠢᠶᠠᠨ ᠵᠠᠬᠢᠷᠤᠭᠤᠯᠵᠤ᠂ ᠴᠡᠷᠢᠭ ᠲᠦ᠍ᠷ ᠵᠢᠳᠬᠦᠵᠦ ᠶᠠᠯ᠎ᠠ ᠶ᠋ᠢ ᠵᠣᠯᠢᠭᠤᠯ ᠭᠡᠮᠡᠨ ᠴᠤᠤ ᠦᠭᠡᠰ ᠢ᠋ᠶ᠋ᠡᠷ ᠪᠤᠷᠤᠭᠤᠰᠢᠶᠠᠨ ᠴᠦᠯᠡᠭᠰᠡᠨ ᠤᠴᠢᠷ ᠲᠤᠷ᠂ ᠠ ᠰᠢᠨ ᠨᠠ ᠮᠠᠰᠢᠳᠠ ᠮᠤᠰᠬᠢᠭᠳᠠᠨ ᠤᠬᠤᠷᠴᠢᠯᠠᠵᠤ᠂ ᠬᠠᠮᠲᠤ ᠶᠠᠯ᠎ᠠ ᠣᠯᠤᠭᠰᠠᠨ ᠰᠢᠶᠣᠤ ᠶᠧ ᠰᠢᠶᠠᠨ ᠵᠢᠴᠢ ᠤᠭ ᠲᠤᠷ ᠯᠢᠶᠣᠣ ᠶ᠋ᠢᠨ ᠵᠠᠩᠵᠤᠨ ᠶᠠᠪᠤᠭᠰᠠᠨ ᠰᠢᠮᠤ ᠮᠢᠩᠭᠠᠨ ᠳᠠᠭᠠᠷ᠎ᠠ ᠢᠷᠡᠬᠦᠢ ᠳ᠋ᠦ᠍ᠷ ᠵᠠᠮ ᠳ᠋ᠤᠷ ᠪᠠᠰᠠ ᠠᠯᠲᠠᠨ ᠤᠯᠤᠰ ᠤ᠋ᠨ ᠡᠮᠦᠨᠡᠲᠦ ᠰᠥᠩ ᠤᠯᠤᠰ ᠯᠤᠭ᠎ᠠ ᠪᠠᠢᠯᠳᠤᠵᠤ ᠪᠠᠢᠭᠰᠠᠨ ᠶᠡᠬᠡ ᠵᠠᠩᠵᠤᠨ ᠱᠢ ᠲᠢᠶᠠᠨ ᠴᠢᠶᠠᠩ᠂ ᠰᠥᠩ ᠤᠯᠤᠰ ᠤ᠋ᠨ ᠬᠣᠲᠠ ᠪᠠᠯᠭᠠᠳ ᠢ᠋ ᠳᠠᠢᠯᠠᠵᠤ ᠦᠯᠡᠮᠵᠢ ᠶᠡᠬᠡ ᠡᠳ᠋ ᠠᠭᠤᠷᠠᠰᠤᠨ ᠣᠯᠪᠠ ᠭᠡᠮᠡᠨ᠂ ᠮᠥᠨ ᠬᠦ᠌ ᠸᠧᠢ ᠸᠠᠩ ᠶᠦᠩ ᠵᠢᠢ ᠲᠠᠪᠤᠨ ᠲᠦᠮᠡᠨ ᠯᠠᠩ ᠮᠥᠩᠭᠥ ᠪᠡᠷ ᠲᠣᠷᠭᠠᠨ ᠰᠢᠬᠠᠮᠳᠠᠭᠤᠯᠬᠤᠢ ᠳ᠋ᠤᠷ ᠶᠡᠬᠡ ᠡᠳ᠋ ᠠᠭᠤᠷᠠᠰᠤᠨ ᠢ᠋ᠶ᠋ᠠᠨ ᠬᠡᠳᠦᠨ ᠭᠠᠵᠠᠷ᠎ᠠ ᠨᠢᠭᠤᠵᠤ᠂ ᠮᠣᠩᠭᠣᠯ ᠤᠯᠤᠰ ᠲᠤᠷ ᠳᠠᠭᠠᠷ᠎ᠠ ᠢᠷᠡᠬᠦᠢ ᠳ᠋ᠦ᠍ᠷ ᠵᠠᠮ ᠤ᠋ᠨ ᠵᠠᠭᠤᠷ᠎ᠠ ᠯᠢᠶᠣᠣ ᠳ᠋ᠦᠩ ᠦ᠋ᠨ ᠵᠡᠭᠦᠨ ᠡᠮᠦᠨ᠎ᠡ ᠵᠠᠬ᠎ᠠ ᠬᠢᠵᠠᠭᠠᠷ ᠤ᠋ᠨ ᠲᠢᠶᠠᠨ ᠴᠢᠶᠣᠤ ᠴᠠᠩ ᠬᠡᠮᠡᠬᠦ ᠳᠠᠯᠠᠢ ᠶ᠋ᠢᠨ ᠨᠠᠯᠠᠷᠬᠠᠢ ᠶ᠋ᠢᠨ ᠣᠢᠷ᠎ᠠ ᠪᠦᠬᠦᠢ ᠲᠡᠮᠦᠷᠯᠢᠭ ᠲᠠᠵᠢ ᠬᠡᠮᠡᠬᠦ ᠶ᠋ᠢᠨ ᠵᠧᠦ ᠳ᠋ᠦ᠍ᠷ ᠰᠠᠭᠤᠭᠰᠠᠨ ᠠᠯᠲᠠᠨ ᠤᠯᠤᠰ ᠤ᠋ᠨ ᠴᠸᠡᠭ ᠱᠧᠦ ᠢᠦᠢ ᠲᠦᠰᠢᠮᠡᠯ ᠵᠠᠩ ᠵᠢᠩ᠂ ᠪᠠᠰᠠ ᠨᠢᠭᠡᠨ ᠬᠠᠪᠰᠤᠷᠭ᠎ᠠ ᠲᠦᠰᠢᠮᠡᠯ᠂ ᠵᠧᠦ ᠶ᠋ᠢᠨ ᠬᠡᠮᠡᠭᠴᠢ ᠯᠦ᠍ᠭᠡ ᠡᠨᠡ ᠬᠣᠶᠠᠭᠤᠯᠠ᠂ ᠠᠯᠲᠠᠨ ᠯᠢᠶᠣᠣ ᠬᠣᠶᠠᠷ ᠤᠯᠤᠰ ᠤ᠋ᠨ ᠵᠠᠪᠰᠠᠷ ᠲᠠᠬᠢ ᠠᠰᠢᠭ ᠢ᠋ ᠵᠠᠪᠰᠢᠨ ᠠᠰᠢᠭᠯᠠᠬᠤᠶᠠ᠂ ᠡᠳᠦᠭᠡ ᠠᠯᠲᠠᠨ ᠤᠯᠤᠰ ᠤ᠋ᠨ ᠸᠧᠢ ᠸᠠᠩ ᠶᠦᠩ ᠵᠢᠢ᠂ ᠤᠮᠠᠷᠠᠲᠤ ᠠᠢᠮᠠᠭ ᠤ᠋ᠳ ᠢ᠋ ᠬᠢᠴᠢᠶᠡᠰᠦᠭᠡᠢ ᠭᠡᠮᠡᠨ ᠵᠡᠭᠦᠨ ᠬᠣᠢᠲᠤ ᠱᠠᠬ᠎ᠠ ᠪᠣᠭᠣᠮᠲᠠ ᠶ᠋ᠢᠨ ᠭᠠᠳᠠᠭᠠᠳ᠂ ᠯᠢᠶᠣᠣ ᠳ᠋ᠦᠩ᠂ ᠯᠢᠶᠣᠣ ᠰᠢ ᠶ᠋ᠢᠨ ᠵᠡᠷᠭᠡ ᠶ᠋ᠢᠨ ᠡᠦ ᠬᠤᠸᠠᠨ ᠤ᠋ ᠭᠠᠵᠠᠷ ᠣᠷᠣᠨ ᠢ᠋ ᠨᠢᠭᠲᠠᠯᠠᠨ ᠴᠠᠭᠳᠠᠨ ᠪᠠᠢᠴᠠᠭᠠᠵᠤ ᠠᠯᠲᠠᠨ ᠤᠯᠤᠰ ᠲᠤᠷ ᠳᠠᠭᠠᠭᠰᠠᠨ ᠯᠢᠶᠣᠣ ᠤᠯᠤᠰ ᠤ᠋ᠨ ᠣᠯᠠᠨ ᠢᠷᠭᠡᠨ ᠳ᠋ᠦ᠍ᠷ ᠥᠪᠡᠷ᠎ᠡ ᠰᠠᠨᠠᠭᠠᠨ ᠠᠵᠤ᠂ ᠤᠭ ᠤᠯᠤᠰ ᠢ᠋ ᠦᠯᠦ ᠤᠮᠠᠷᠲᠠᠮᠤᠢ ᠭᠡᠮᠡᠨ ᠬᠣᠴᠢᠯᠠᠨ ᠠᠢᠯᠠᠳᠬᠠᠵᠤ᠂ ᠯᠢᠶᠣᠣ ᠤᠯᠤᠰ ᠤ᠋ᠨ ᠳᠠᠭᠠᠭᠰᠠᠨ ᠢᠷᠭᠡᠳ ᠦ᠋ᠨ ᠭᠡᠷ ᠪᠦᠷᠢ ᠳ᠋ᠦ᠍ᠷ ᠠᠯᠲᠠᠨ ᠤᠯᠤᠰ ᠤ᠋ᠨ ᠬᠢᠲᠠᠳ ᠢᠷᠭᠡᠳ ᠢ᠋ ᠰᠠᠭᠤᠯᠭᠠᠨ᠂ ᠯᠢᠶᠣᠣ ᠤᠯᠤᠰ ᠤ᠋ᠨ ᠳᠠᠭᠠᠭᠰᠠᠨ ᠢᠷᠭᠡᠳ ᠢ᠋ ᠳᠠᠷᠤᠭᠤᠯᠤᠨ ᠰᠠᠬᠢᠭᠤᠯᠤᠭᠰᠠᠨᠠ ᠯᠢᠶᠣᠣ ᠤᠯᠤᠰ ᠤ᠋ᠨ ᠳᠠᠭᠠᠭᠰᠠᠨ ᠣᠯᠠᠨ ᠤ᠋ ᠰᠡᠳᠬᠢᠯ ᠢ᠋ ᠶᠡᠬᠡᠯ᠎ᠡ ᠠᠯᠳᠠᠵᠤ᠂ ᠯᠢᠶᠣᠣ ᠤᠯᠤᠰ ᠤ᠋ᠨ ᠣᠯᠠᠨ ᠢᠷᠭᠡᠳ ᠢ᠋ᠶ᠋ᠡᠷ ᠬᠠᠭᠤᠴᠢᠨ ᠡᠵᠡᠨ ᠤ ᠣᠢᠷ᠎ᠠ ᠤᠭᠰᠠᠭ᠎ᠠ ᠶᠧ ᠯᠢᠦᠢ ᠯᠢᠦ ᠭᠧ ᠶ᠋ᠢ ᠡᠷᠢᠨ ᠣᠯᠵᠤ᠂ ᠪᠦᠭᠦᠳᠡᠭᠡᠷ ᠤᠬᠢᠯᠠᠨ ᠪᠦᠲᠡᠵᠦ ᠮᠥᠷᠭᠥᠭᠡᠳ᠂ ᠯᠢᠶᠣᠣ ᠤᠯᠤᠰ ᠢ᠋ᠶ᠋ᠠᠨ ᠳᠠᠬᠢᠨ ᠪᠠᠢᠭᠤᠯᠵᠤ ᠠᠯᠲᠠᠨ ᠤᠯᠤᠰ ᠯᠤᠭ᠎ᠠ ᠲᠤᠯᠭᠠᠯᠴᠠᠰᠤᠭᠠᠢ ᠬᠡᠮᠡᠬᠦᠢ ᠳ᠋ᠦ᠍ᠷ ᠶᠧ ᠯᠢᠦᠢ ᠯᠢᠦ ᠭᠧ ᠬᠡᠮᠡᠭᠴᠢ ᠮᠠᠰᠢ ᠶᠡᠬᠡ ᠡᠷᠳᠡᠮ ᠰᠤᠷᠲᠠᠯᠲᠤ ᠮᠡᠷᠭᠡᠨ ᠭᠡᠭᠡᠬᠡᠨ ᠬᠥᠮᠦᠨ ᠪᠥᠭᠡᠳ ᠪᠠᠰᠠ ᠲᠡᠭᠷᠢ ᠶ᠋ᠢᠨ ᠲᠣᠭ᠎ᠠ ᠠᠭᠤᠷ ᠢ᠋ ᠲᠣᠳᠤᠷᠬᠠᠶ᠎ᠠ ᠲᠠᠨᠢᠬᠤ ᠶ᠋ᠢᠨ ᠲᠤᠯᠠ᠂ ᠣᠯᠠᠨ ᠢ᠋ ᠰᠠᠢᠨ ᠦᠭᠡᠰ ᠢ᠋ᠶ᠋ᠡᠷ ᠳᠠᠬᠢᠨ ᠳᠠᠬᠢᠨ ᠬᠣᠷᠢᠭᠯᠠᠨ ᠨᠠᠮᠬᠠᠷᠠᠭᠤᠯᠵᠤ᠂ 《ᠲᠠᠨ ᠤ᠋ ᠣᠯᠠᠨ ᠢ᠋ ᠠᠪᠤᠷᠠᠮᠤᠢ ᠬᠡᠮᠡᠭᠰᠡᠭᠡᠷ ᠠᠯᠠᠯᠭᠠᠨ ᠳ᠋ᠤᠷ ᠬᠦᠷᠭᠡᠪᠡᠰᠦ ᠭᠡᠳᠡᠷᠭᠦ ᠮᠠᠰᠢᠳᠠ ᠨᠢᠭᠦᠯ ᠬᠢᠯᠢᠨᠴᠡ ᠨᠢᠳᠦᠨ ᠨᠡᠬᠡᠭᠡᠰᠢ ᠦᠭᠡᠢ ᠪᠣᠯᠪᠠᠰᠤ ᠬᠡᠷᠬᠢᠮᠦᠢ᠃ ᠲᠠ ᠣᠳᠣ ᠬᠡᠳᠦᠨ ᠵᠢᠯ ᠬᠦᠯᠢᠶᠡᠨ ᠲᠡᠰᠪᠦᠷᠢᠯᠡᠭᠲᠦᠨ᠃ ᠪᠢ ᠲᠡᠭᠷᠢ ᠶ᠋ᠢᠨ ᠪᠠᠢᠳᠠᠯ ᠢ᠋ ᠦᠵᠡᠪᠡᠰᠦ᠂ ᠠᠯᠲᠠᠨ ᠭᠠᠳᠠᠰᠤ ᠦᠨᠡᠨ ᠬᠠᠭᠠᠨ ᠣᠳᠣᠨ ᠤᠮᠠᠷ᠎ᠠ ᠡᠯᠡᠰᠦᠨ᠎ᠡ ᠪᠠᠭᠤᠵᠤ ᠯᠠᠪ ᠬᠣᠢᠲᠤ ᠪᠡᠶ᠎ᠡ ᠡᠴᠡ ᠶᠡᠬᠡ ᠪᠣᠭᠳᠠ ᠬᠥᠮᠦᠨ ᠭᠠᠷᠴᠤ ᠳᠡᠯᠡᠬᠡᠢ ᠳ᠋ᠠᠬᠢᠨ ᠤ᠋ ᠭᠤᠷᠪᠠᠨ ᠵᠠᠭᠤᠨ ᠣᠨ ᠤ᠋ ᠲᠣᠭᠣᠭ᠎ᠠ ᠪᠤᠴᠠᠯᠬᠤ ᠮᠡᠲᠦ ᠰᠠᠮᠠᠭᠤᠨ ᠢ᠋ ᠱᠦᠭᠦᠷᠳᠡᠨ ᠲᠦᠪᠰᠢᠳᠬᠡᠮᠦᠢ᠃ ᠲᠡᠷᠡ ᠡᠵᠡᠨ ᠢ ᠣᠯᠵᠤ ᠲᠦᠰᠢᠨ ᠴᠢᠳᠠᠭᠰᠠᠨ ᠬᠣᠢᠨ᠎ᠠ ᠰᠠᠶᠢ ᠶᠡᠬᠡ ᠦᠢᠯᠡ ᠶ᠋ᠢ ᠡᠭᠦᠰᠬᠡᠰᠦᠭᠡᠢ 》ᠭᠡᠮᠡᠨ ᠡᠳᠦᠭᠡ ᠮᠣᠩᠭᠣᠯ ᠤ᠋ᠨ ᠪᠸᠲ᠋ᠠ᠋ ᠤᠯᠤᠰ ᠤ᠋ᠨ ᠡᠵᠡᠨ ᠴᠢᠩᠭᠢᠰ ᠬᠠᠭᠠᠨ ᠤ᠋ ᠨᠡᠷ᠎ᠡ ᠠᠯᠳᠠᠷ ᠪᠠ ᠡᠷᠬᠡ ᠡᠷᠳᠡᠮ ᠢ᠋ ᠬᠡᠳᠦᠢᠨ ᠡᠴᠡ ᠰᠣᠨᠣᠰᠴᠤ ᠬᠡᠳᠦᠨ ᠬᠤᠪᠢ ᠪᠠᠷᠤᠭᠯᠠᠨ ᠲᠥᠰᠦᠭᠯᠡᠵᠦ ᠤᠷᠤᠭ ᠤ᠋ᠨ ᠳᠡᠭᠦᠦ᠂ ᠢᠳᠡᠲᠡᠢ ᠶ᠋ᠢ ᠵᠠᠷᠤᠵᠤ ᠬᠦᠨᠳᠦ ᠪᠠᠯᠩ ᠬᠦᠷᠭᠡᠯᠭᠡᠨ ᠮᠥᠷᠭᠥᠨ ᠵᠣᠯᠭᠠᠷ᠎ᠠ ᠢᠷᠡᠬᠦᠶ᠎ᠡ ᠰᠠᠶᠢ ᠡᠳᠡᠭᠡᠷ ᠬᠥᠮᠦᠰ ᠯᠦ᠍ᠭᠡ ᠠᠭᠤᠯᠵᠠᠨ ᠤᠴᠠᠷᠠᠯᠳᠤᠵᠤ᠂ ᠬᠠᠮᠲᠤ ᠨᠡᠢᠯᠡᠯᠴᠡᠨ ᠣᠷᠣᠵᠤ ᠢᠷᠡᠬᠦᠶ᠎ᠡ᠂ ᠴᠢᠪᠬᠢᠲᠡᠯ᠎ᠡ ᠲᠠᠢᠽᠦ ᠴᠢᠩᠭᠢᠰ ᠬᠤᠸᠠᠩᠳᠢ ᠶ᠋ᠢᠨ ᠰᠠᠭᠤᠷᠢᠨ᠎ᠠ ᠰᠠᠭᠤᠬᠤᠶ᠎ᠠ ᠲᠡᠭᠷᠢ ᠡᠴᠡ ᠶᠢᠰᠦᠨ ᠥᠷᠯᠥᠭᠡ ᠪᠡᠯᠭᠡ ᠭᠤᠶᠤᠬᠤ ᠯᠤᠭ᠎ᠠ ᠲᠣᠬᠢᠶᠠᠯᠳᠤᠵᠤᠬᠤᠢ᠃
ᠲᠡᠳᠦᠢ ᠮᠣᠩᠭᠣᠯ ᠤ᠋ᠨ ᠤᠯᠤᠰ ᠲᠥᠷᠥ ᠳ᠋ᠦ᠍ᠷ ᠣᠯᠠᠨ ᠨᠣᠶᠠᠨ ᠲᠦᠰᠢᠮᠡᠯ ᠦ᠋ᠨ ᠳᠡᠰ ᠵᠡᠷᠭᠡ ᠶ᠋ᠢ ᠬᠤᠪᠢᠶᠠᠨ ᠲᠣᠭᠲᠠᠭᠠᠭᠰᠠᠨ ᠳᠥᠷᠪᠡᠨ ᠳᠥᠷᠪᠡ ᠬᠣᠶᠠᠷ ᠲᠠᠪᠤ᠂ ᠵᠢᠷᠭᠤᠭᠠᠨ ᠰᠠᠢᠰᠢᠶᠠᠯ᠂ ᠳᠣᠯᠣᠭᠠᠨ ᠰᠡᠴᠡᠳ᠂ ᠨᠠᠢ᠍ᠮᠠᠨ ᠬᠣᠰᠢᠭᠤᠴᠢ ᠶᠢᠰᠦᠨ ᠡᠩ ᠦ᠋ᠨ ᠥᠷᠯᠥᠭ ᠨᠣᠶᠠᠳ ᠠ᠋ᠴᠠ ᠳᠠᠷᠠᠭᠠᠯᠠᠨ ᠳᠡᠭᠡᠳᠦ᠂ ᠳᠤᠮᠳᠠᠳᠤ᠂ ᠳᠣᠣᠷᠠᠲᠤ᠂ ᠭᠤᠷᠪᠠᠨ ᠳᠡᠰ ᠦ᠋ᠨ ᠨᠡᠢᠲᠡ ᠨᠢᠭᠡᠨ ᠵᠠᠭᠤᠨ ᠪᠥᠭᠡᠳ ᠨᠠᠢ᠍ᠮᠠᠨ ᠬᠡᠷᠭᠡᠮᠲᠡᠨ ᠰᠠᠢᠳ ᠤ᠋ᠨ ᠱᠠᠩ᠂ ᠵᠦᠩ᠂ ᠰᠢᠶᠠ ᠳ᠋ᠤᠷ᠂ ᠣᠷᠣᠰ ᠤᠯᠤᠰ ᠤ᠋ᠨ ᠳᠠᠷᠤᠩᠭᠤᠢ ᠡᠯᠴᠢ ᠳ᠋ᠦ᠍ᠷ ᠡᠴᠢᠭᠰᠡᠨ ᠠᠯᠤᠬ᠎ᠠ᠂ ᠰᠦᠬᠡ᠂ ᠠᠬᠠᠢ᠂ ᠶᠧᠰᠢ᠂ ᠨᠠᠨᠰᠠᠷ ᠢ᠋ ᠲᠣᠭᠠᠴᠢᠬᠤ ᠦᠭᠡᠢ᠃ ᠡᠨᠳᠡᠬᠢ ᠳᠡᠭᠡᠳᠦ ᠳᠤᠮᠳᠠᠳᠤ ᠳᠣᠣᠷᠠᠲᠤ ᠲᠠᠢᠹᠦ᠋ ᠲᠦᠰᠢᠮᠡᠳ ᠢ᠋ ᠢᠯᠭᠠᠨ ᠰᠠᠯᠭᠠᠨ ᠬᠢᠨᠠᠨ ᠨᠠᠷᠢᠪᠴᠢᠯᠠᠨ᠂ ᠵᠠᠷᠯᠢᠭ ᠢ᠋ᠶ᠋ᠠᠷ ᠲᠣᠭᠲᠠᠭᠠᠭᠰᠠᠨ ᠠᠨᠤ᠄ ᠳᠡᠭᠡᠳᠦ ᠶᠡᠬᠡ ᠬᠡᠷᠬᠡᠮ ᠴᠢᠨ ᠸᠠᠩ ᠵᠢᠷᠭᠤᠭ᠎ᠠ ᠂ ᠵᠢᠶᠦ᠋ᠨ ᠸᠠᠩ ᠬᠣᠶᠠᠷ᠂ ᠶᠡᠬᠡ ᠪᠡᠢᠯᠡ ᠲᠠᠪᠤ᠂ ᠤᠯᠤᠰ ᠤ᠋ᠨ ᠲᠥᠰᠢᠶ᠎ᠡ ᠬᠦᠩ ᠤᠭ ᠪᠠᠢᠭᠤᠯᠤᠭᠰᠠᠨ ᠶᠢᠰᠦᠨ ᠦ᠌ ᠳᠡᠭᠡᠷ᠎ᠡ ᠣᠢᠷ᠎ᠠ ᠤᠭᠰᠠᠭ᠎ᠠ ᠶ᠋ᠢᠨ ᠰᠠᠢᠨ ᠪᠥᠬᠡ ᠬᠠᠭᠠᠨ ᠤ᠋ ᠠᠬᠠᠮᠠᠳ ᠲᠠᠢᠽᠢ ᠵᠠᠮᠪᠠᠯ᠂ ᠨᠠᠢ᠍ᠮᠠᠨ ᠤ᠋ ᠠᠯᠳᠠᠰᠠᠭᠠ᠂ ᠬᠡᠷᠡᠢᠳ ᠦ᠋ᠨ ᠲᠤᠰᠬᠤ ᠴᠥᠮ ᠬᠠᠭᠠᠨ ᠴᠣᠯᠠᠲᠠᠨ ᠤ᠋ ᠦᠷ᠎ᠡ ᠭᠡᠮᠡᠨ ᠵᠠᠷᠯᠢᠭ ᠢ᠋ᠶ᠋ᠠᠷ ᠨᠡᠮᠡᠵᠦ ᠭᠤᠷᠪᠠᠨ ᠬᠦᠩ ᠪᠠᠢᠭᠤᠯᠤᠭᠰᠠᠨ ᠲᠠᠢ ᠨᠡᠢᠲᠡ ᠠᠷᠪᠠᠨ ᠬᠣᠶᠠᠷ ᠬᠦᠩ ᠪᠣᠯᠭᠠᠪᠠ᠃ ᠵᠢᠴᠢ ᠤᠷᠢᠳᠤ ᠵᠢᠯ ᠦ᠋ᠨ ᠳᠥᠷᠪᠡᠨ ᠶᠡᠬᠡ ᠴᠢᠭᠤᠯᠭᠠᠨ᠎ᠠ ᠪᠠᠢᠭᠤᠯᠤᠨ ᠲᠣᠭᠲᠠᠭᠰᠠᠨ ᠤᠭ ᠨᠡᠷ᠎ᠡ ᠶ᠋ᠢᠨ ᠲᠣᠭ᠎ᠠ ᠨᠡᠢᠲᠡ ᠨᠢᠭᠡᠨ ᠵᠠᠭᠤᠨ ᠨᠠᠢ᠍ᠮᠠᠨ ᠨᠡᠷ᠎ᠡ ᠡᠴᠡ ᠬᠠᠭᠠᠨ ᠤ᠋ ᠳᠥᠷᠪᠡᠨ ᠳᠡᠭᠦᠦ ᠳᠥᠷᠪᠡᠨ ᠲᠠᠢᠽᠢ ᠶ᠋ᠢ ᠲᠠᠢᠴᠢᠭᠠᠳ᠂ ᠣᠳᠣ ᠦᠯᠡᠭᠰᠡᠨ ᠮᠤᠬᠤᠷ ᠨᠢᠭᠡᠨ ᠵᠠᠭᠤᠨ ᠤ᠋ ᠳᠡᠭᠡᠷ᠎ᠡ᠂ ᠰᠢᠨ᠎ᠡ ᠪᠠᠢᠭᠤᠯᠤᠭᠰᠠᠨ ᠭᠤᠷᠪᠠᠨ ᠬᠦᠩ ᠬᠢᠭᠡᠳ ᠵᠢᠴᠢ ᠨᠠᠢ᠍ᠮᠠᠨ ᠤ᠋ ᠮᠥᠩᠭᠥᠨ ᠲᠣᠯᠢ᠂ ᠢᠯᠬᠦᠨᠡ ᠶ᠋ᠢᠨ ᠶᠠᠪᠤᠴᠢᠲᠠᠢ ᠭᠦᠸᠧ ᠯᠤᠤ᠂ ᠪᠠᠰᠠ ᠬᠡᠷᠡᠢᠳ ᠦ᠋ᠨ ᠰᠠᠢᠳ ᠠᠨᠳᠤ᠂ ᠫᠣᠯᠭᠤᠳᠠᠢ᠂ ᠨᠠᠢ᠍ᠮᠠᠨ ᠤ᠋ ᠰᠠᠢᠳ ᠢᠳᠡᠷ ᠳᠣᠪᠣ᠂ ᠮᠢᠩᠭᠠᠲᠠᠨ᠂ ᠴᠢᠦᠢ ᠱᠢ ᠯᠢ᠂ ᠦᠨᠡᠨ ᠴᠢᠩᠳᠦ ᠡᠨᠡ ᠠᠷᠪᠠᠨ ᠬᠣᠶᠠᠷ ᠢ᠋ ᠨᠡᠮᠡᠵᠦ᠂ ᠨᠢᠭᠡᠨ ᠵᠠᠭᠤᠨ ᠠᠷᠪᠠᠨ ᠬᠣᠶᠠᠷ ᠨᠡᠷ᠎ᠡ ᠶ᠋ᠢ ᠨᠡᠢᠯᠡᠭᠦᠯᠦᠨ ᠡᠭᠦᠨᠦ ᠳᠣᠲᠣᠷ᠎ᠠ ᠭᠤᠷᠪᠠᠨ ᠳᠡᠰ ᠦ᠋ᠨ ᠲᠠᠢᠹᠦ᠋ ᠲᠦᠰᠢᠮᠡᠯ ᠪᠠᠢᠭᠤᠯᠤᠭᠰᠠᠨ ᠠᠨᠤ᠄ ᠥᠷᠯᠥᠭ ᠨᠣᠶᠠᠨ ᠯᠢᠳᠡᠷ ᠰᠡᠴᠡᠨ᠂ ᠳ᠋ᠠᠢ ᠰᠡᠴᠡᠨ᠂ ᠰᠤᠷᠬᠠᠨ ᠰᠢᠷ᠎ᠠ᠂ ᠵᠠᠷᠴᠢᠭᠤᠲᠠᠢ ᠮᠡᠷᠭᠡᠨ᠂ ᠮᠤᠬᠤᠯᠢ᠂ ᠪᠤᠭᠤᠷᠵᠢ᠂ ᠪᠤᠷᠤᠭᠤᠯ᠂ ᠴᠢᠯᠠᠭᠤᠨ᠂ ᠵᠡᠯᠮ᠎ᠡ᠂ ᠪᠣᠳᠣ᠂ ᠠᠵᠢᠨᠠᠢ᠂ ᠬᠤᠳᠠᠷᠭ᠎ᠠ᠂ ᠵᠠᠮᠪᠠᠯ᠂ ᠪᠣᠯᠤᠭ᠎ᠠ᠂ ᠲᠠᠴᠢᠩᠬᠤᠷᠯᠣᠤ᠂ ᠢᠯᠠᠭᠤᠭᠰᠠᠨ᠂ ᠠᠯᠲᠠᠨᠱᠠᠭ᠎ᠠ᠂ ᠲᠤᠰᠬᠤ᠂ ᠵᠡᠪᠡ᠂ ᠴᠤᠤ ᠮᠡᠷᠭᠡᠨ᠂ ᠰᠢᠷᠢ ᠬᠤᠲᠤᠭ᠂ ᠬᠠᠷ᠎ᠠ ᠬᠢᠷᠤ᠂ ᠴᠢᠳᠠᠭᠠᠨ᠎ᠠ ᠰᠡᠴᠡᠨ᠂ ᠮᠡᠩᠬᠡᠯᠢᠭ᠂ ᠦᠯᠡᠭᠦᠦ ᠰᠠᠢᠳ᠂ ᠳ᠋ᠠᠢᠰᠠᠩ᠂ ᠴᠡᠴᠡᠬᠢ᠂ ᠳᠣᠭᠲᠣᠩᠭᠤ᠂ ᠰᠦᠪᠡᠭᠡᠲᠡᠢ᠂ ᠵᠥᠯᠭᠡᠲᠡᠢ᠂ ᠭᠢᠯᠦᠭᠡ᠂ ᠬᠣᠢᠯᠳᠤᠷ᠂ ᠪᠣᠯᠢᠭᠲᠤ ᠪᠠᠷᠰ᠂ ᠰᠢᠯᠢᠭᠲᠦ ᠪᠠᠷᠰ᠂ ᠲᠡᠰᠬᠡᠯ ᠪᠠᠷᠰ ᠡᠨᠡ ᠬᠦ᠌ ᠭᠤᠴᠢᠨ ᠵᠢᠷᠭᠤᠭᠠᠨ ᠲᠩᠷᠢ ᠶ᠋ᠢᠨ ᠭᠠᠩ ᠣᠳᠣᠨ ᠤ᠋ ᠳᠡᠭᠡᠳᠦ ᠱᠠᠩ ᠲᠠᠢᠹᠦ᠋ ᠲᠦᠰᠢᠮᠡᠯ᠂ ᠵᠢᠴᠢ ᠣᠳᠣ ᠳᠤᠮᠳᠠᠳᠤ ᠵᠦᠩ ᠲᠠᠢᠹᠦ᠋ ᠠᠨᠤ : ᠳᠡᠯᠭᠡᠲᠦ ᠪᠠᠶᠠᠨ᠂ ᠯᠠᠬᠤ ᠪᠠᠶᠠᠨ᠂ ᠶᠠᠪᠤᠴᠢᠲᠠᠢ ᠥᠲᠡᠭᠦᠰ᠂ ᠬᠤᠲᠤᠭᠠᠨᠠ ᠪᠡᠬᠢ᠂ ᠬᠤᠷᠴᠠ ᠪᠠᠢᠷᠢ᠂ ᠠᠷᠭᠠᠰᠤᠨ ᠤ᠋ ᠬᠣᠷᠭᠣᠯᠵᠢ᠂ ᠣᠶᠤᠲᠤ᠂ ᠳᠣᠵᠤ ᠳᠣᠭᠰᠢᠨ᠂ ᠡᠷᠲᠡ ᠰᠠᠷᠠᠨ᠂ ᠳ᠋ᠠᠳ᠋ᠠᠲᠤᠩᠭᠠ᠂ ᠳᠠᠷᠰᠤᠨᠰᠤᠭᠴᠢ᠂ ᠬᠢᠶ᠎ᠡ ᠮᠠᠨᠵᠢᠨ᠂ ᠪᠣᠳᠣᠯᠭᠠᠲᠤ ᠪᠤᠰᠠᠩ᠂ ᠮᠡᠩᠭᠡᠲᠦ᠂ ᠪᠣᠯᠭᠣᠨ᠂ ᠷᠢᠨᠴᠢᠨ᠂ ᠰᠠᠴᠤᠷᠠᠬᠤ᠂ ᠤᠷᠲᠤᠳᠠ᠂ ᠲᠡᠮᠦᠷ᠂ ᠬᠢᠶ᠎ᠡ ᠬᠠᠵᠢᠨ ᠰᠢᠷ᠎ᠠ᠂ ᠬᠢᠶ᠎ᠡ ᠰᠢᠯᠢ ᠪᠥᠬᠡ ᠡᠨᠡ ᠬᠣᠷᠢᠨ ᠨᠠᠢ᠍ᠮᠠᠨ ᠣᠭᠲᠠᠷᠭᠤᠢ ᠶ᠋ᠢᠨ ᠣᠳᠣᠳ ᠤ᠋ᠨ ᠳᠤᠮᠳᠠᠳᠤ ᠵᠦᠩ ᠲᠠᠢᠹᠦ᠋ ᠲᠦᠰᠢᠮᠡᠯ ᠮᠥᠨ ᠪᠤᠶᠤ᠃ ᠣᠳᠣᠣ ᠳᠣᠣᠷᠠᠲᠤ ᠰᠢᠶᠠ ᠲᠠᠢᠹᠦ᠋ ᠲᠦᠰᠢᠮᠡᠯ ᠢᠨᠤ : ᠰᠢᠭᠦᠷ ᠲᠦᠰᠢᠮᠡᠯ ᠲᠡᠷᠢᠭᠦᠯᠡᠵᠦ᠂ ᠠᠰᠤᠷᠢ᠂ ᠡᠭᠦᠯᠡᠨ ᠴᠢᠷᠪᠢ᠂ ᠴᠢᠰ ᠲᠣᠭᠣᠷᠤᠤ᠂ ᠬᠠᠳᠤ ᠲᠡᠮᠦᠷ᠂ ᠳᠤᠭᠤᠯᠠᠭ᠎ᠠ ᠲᠡᠮᠦᠷ᠂ ᠬᠣᠪᠣᠯᠣᠢ ᠪᠣᠯᠣᠳ᠂ ᠱᠤᠪᠣᠯᠣᠢ ᠪᠣᠯᠣᠳ᠂ ᠬᠦᠳᠡᠷ ᠪᠦᠰᠡ᠂ ᠬᠦᠷᠡᠯ ᠪᠦᠰᠡ᠂ ᠪᠤᠭᠤᠲᠤ ᠬᠤᠸᠠ᠂ ᠠᠯᠠᠭ ᠲᠤᠭᠤᠯ᠂ ᠲᠣᠳᠢ ᠴᠢᠷᠪᠢ᠂ ᠪᠡᠬᠢ ᠴᠢᠷᠪᠢ᠂ ᠪᠡᠬᠢ ᠰᠡᠴᠡᠨ᠂ ᠪᠡᠬᠢ ᠮᠡᠷᠭᠡᠨ᠂ ᠸᠴᠢᠷ ᠰᠡᠴᠡᠨ᠂ ᠸᠴᠢᠷ ᠪᠡᠬᠢ᠂ ᠸᠴᠢᠷ ᠭᠠᠳᠠᠰᠤ᠂ ᠠᠯᠮᠠᠰ ᠭᠠᠳᠠᠰᠤ᠂ ᠭᠠᠯ ᠭᠠᠷᠤᠵᠠ᠂ ᠪᠣᠷᠣ ᠪᠦᠷᠭᠦᠳ᠂ ᠴᠠᠭᠠᠨ ᠵᠠᠭᠠᠨ᠂ ᠬᠠᠷ᠎ᠠ ᠯᠤᠤᠰ᠂ ᠶᠣᠯᠣ ᠮᠠᠬ᠎ᠠ᠂ ᠥᠳᠥ᠂ ᠰᠣᠳᠣ᠂ ᠪᠣᠯᠣᠨᠳᠣᠢ᠂ ᠪᠢᠯᠡᠨᠳᠠᠢ᠂ ᠠᠨᠠᠨᠲᠠ᠂ ᠰᠤᠪᠤᠳᠲᠠᠢ᠂ ᠪᠤᠳᠤᠯᠠᠩ᠂ ᠤᠭᠤᠲᠠᠢ᠂ ᠸᠠᠢᠵᠢᠩ᠂ ᠠᠯᠠᠢᠵᠢᠩ᠂ ᠤᠨᠵᠢᠭᠠᠢ᠂ ᠰᠤᠨᠵᠢᠭᠠᠢ᠂ ᠴᠠᠷᠠᠰᠤ᠂ ᠰᠣᠨᠵᠢᠷᠠ᠂ ᠰᠠᠷᠳᠠ᠂ ᠯᠠᠬᠠᠮᠢ᠂ ᠳ᠋ᠠᠳᠠᠳᠤᠩᠶᠤᠨ᠂ ᠯᠢᠦ ᠵᠦᠩ ᠯᠦ᠍᠂ ᠮᠥᠩᠭᠥᠨ ᠲᠣᠯᠢ᠂ ᠮᠠᠢᠯᠵᠢ ᠶ᠋ᠢᠨ ᠪᠤᠳᠤᠯᠳᠤ᠂ ᠬᠡᠷᠡᠢᠳ ᠦ᠋ᠨ ᠠᠨᠳᠤ᠂ ᠪᠤᠯᠭᠤᠳᠠᠢ᠂ ᠨᠠᠢ᠍ᠮᠠᠨ ᠤ᠋ ᠢᠳᠡᠷ ᠳᠣᠪᠣ᠂ ᠮᠢᠩᠭᠠᠲᠠᠨ᠂ ᠴᠢᠦᠢ ᠱᠢ ᠯᠢ᠂ ᠦᠨᠡᠨ ᠴᠢᠩᠳᠦ – ᠡᠨᠡ ᠱᠠᠩ ᠲᠠᠢᠹᠦ᠋ ᠬᠤᠴᠢᠨ ᠵᠢᠷᠭᠤᠭ᠎ᠠ᠂ ᠵᠦᠩ ᠲᠠᠢᠹᠦ᠋ ᠬᠣᠷᠢᠨ ᠨᠠᠢ᠍ᠮᠠ᠂ ᠰᠢᠶᠠ ᠲᠠᠢᠹᠦ᠋ ᠳᠥᠴᠢᠨ ᠨᠢᠭᠡ ᠳ᠋ᠦ᠍ᠷ ᠵᠠᠷᠯᠢᠭ ᠢ᠋ᠶ᠋ᠠᠷ ᠨᠠᠢ᠍ᠮᠠᠨ ᠤ᠋ ᠮᠥᠩᠭᠥᠨ ᠲᠣᠯᠢ᠂ ᠮᠠᠢᠯᠵᠢ ᠶ᠋ᠢᠨ ᠪᠤᠳᠤᠯᠳᠤ᠂ ᠬᠡᠷᠡᠢᠳ ᠦ᠋ᠨ ᠠᠨᠳᠤ᠂ ᠫᠣᠯᠭᠤᠳᠠᠢ ᠬᠢᠭᠡᠳ ᠨᠠᠢ᠍ᠮᠠᠨ ᠤ᠋ ᠢᠳᠡᠷ ᠳᠣᠪᠣ᠂ ᠮᠢᠩᠭᠠᠲᠠᠨ᠂ ᠴᠢᠦᠢ ᠱᠢ ᠯᠢ᠂ ᠦᠨᠡᠨ ᠴᠢᠩᠳᠦ ᠡᠨᠡ ᠨᠠᠢ᠍ᠮᠠᠭᠤᠯᠠ ᠶ᠋ᠢ ᠡᠵᠡᠨ ᠡᠵᠡᠨ ᠳ᠋ᠡᠭᠡᠨ ᠦᠨᠡᠮᠴᠢ ᠰᠢᠳᠤᠷᠭᠤ ᠭᠡᠮᠡᠨ᠂ ᠲᠠᠢᠹᠦ᠋ ᠶ᠋ᠢᠨ ᠡᠷᠭᠦᠮᠵᠢᠯᠡᠯ ᠳ᠋ᠦ᠍ᠷ ᠨᠡᠮᠡᠵᠦ ᠣᠷᠣᠭᠤᠯᠤᠭᠰᠠᠨ ᠲᠠᠢ᠂ ᠰᠢᠶᠠ ᠲᠠᠢᠹᠦ᠋ ᠨᠡᠢᠲᠡ ᠳᠣᠯᠣᠭᠠᠨ ᠳᠣᠯᠣᠭ᠎ᠠ ᠳᠥᠴᠢᠨ ᠶᠢᠰᠦᠨ ᠦ᠌ ᠲᠣᠭ᠎ᠠ ᠳ᠋ᠤᠷ ᠲᠣᠬᠣᠷᠤᠭᠤᠯᠵᠤ᠂ ᠵᠢᠴᠢ ᠪᠠᠰᠠ᠂ ᠬᠠᠭᠤᠴᠢᠨ ᠰᠠᠢᠳ᠂ ᠰᠢᠭᠦᠷ ᠲᠦᠰᠢᠮᠡᠯ᠂ ᠬᠡᠷᠡᠢᠳ ᠠᠰᠤᠷᠢ ᠬᠣᠶᠠᠷ ᠲᠠᠢ ᠲᠠᠪᠢᠨ ᠨᠢᠭᠡᠨ ᠦ᠌ ᠳᠡᠭᠡᠷ᠎ᠡ ᠬᠠᠭᠠᠨ ᠤ᠋ ᠳᠥᠷᠪᠡᠨ ᠳᠡᠭᠦᠦ᠂ ᠳᠥᠷᠪᠡᠨ ᠲᠠᠢᠽᠢ᠂ ᠴᠢᠨ ᠸᠠᠩ᠂ ᠵᠢᠶᠦ᠋ᠨ ᠸᠠᠩ᠂ ᠨᠠᠢ᠍ᠮᠠᠨ ᠲᠡᠷᠢᠭᠦᠯᠡᠭᠰᠡᠳ᠂ ᠵᠢᠴᠢ ᠣᠷᠣᠰ ᠲᠤᠷ ᠡᠴᠢᠭᠰᠡᠨ ᠨᠠᠨᠰᠠᠷ᠂ ᠠᠯᠤᠬ᠎ᠠ᠂ ᠰᠦᠬᠡ᠂ ᠠᠬᠠᠢ᠂ ᠶᠧᠰᠢ ᠨᠡᠢᠲᠡ ᠠᠷᠪᠠᠨ ᠨᠢᠭᠡ ᠶ᠋ᠢ ᠭᠤᠷᠪᠠᠨ ᠳᠡᠰ ᠦ᠋ᠨ ᠲᠦᠰᠢᠮᠡᠯ ᠦ᠋ᠨ ᠳᠡᠭᠡᠷ᠎ᠡ ᠨᠡᠮᠡᠪᠡᠰᠦ ᠳᠥᠷᠪᠡᠨ ᠳᠡᠰ ᠦ᠋ᠨ ᠨᠡᠢᠲᠡ ᠳᠣᠲᠣᠭᠠᠳᠤ ᠰᠠᠢᠳ ᠪᠦᠭᠦᠳᠡᠭᠡᠷ ᠨᠢᠭᠡᠨ ᠵᠠᠭᠤᠨ ᠬᠣᠷᠢᠨ ᠨᠠᠢ᠍ᠮᠠᠨ ᠨᠡᠷ᠎ᠡ ᠪᠤᠶᠤ᠃ ᠡᠭᠦᠨ ᠡᠴᠡ ᠭᠠᠳᠠᠨ᠎ᠠ ᠭᠠᠳᠠᠭᠠᠳᠤ ᠤᠯᠤᠰ ᠪᠠ ᠠᠢᠮᠠᠭ ᠤ᠋ᠳ ᠤ᠋ᠨ ᠡᠵᠡᠳ ᠨᠣᠶᠠᠳ ᠳᠠᠭᠠᠭᠰᠠᠨ ᠢ᠋ ᠥᠪᠡᠷ᠎ᠡ ᠡᠷᠭᠦᠮᠵᠢᠯᠡᠮᠦᠢ ᠃
ᠲᠡᠨᠳᠡᠴᠡ ᠬᠠᠭᠠᠨ ᠡᠵᠡᠨ ᠂ ᠯᠢᠶᠣᠣ ᠳ᠋ᠦᠩ ᠦ᠋ᠨ ᠶᠧ ᠯᠢᠦᠢ ᠯᠢᠦ ᠬᠸ ᠦ᠋ᠨ ᠠᠢᠯᠠᠳᠬᠠᠭᠰᠠᠨ ᠪᠣᠳᠣᠷᠣᠣᠯ ᠪᠢᠴᠢᠭ ᠲᠣᠷ ᠴᠣᠬᠣᠯᠠᠨ ᠬᠡᠯᠡᠭᠰᠡᠨ ᠢᠨᠤ᠄
《ᠳᠣᠷᠣᠢᠲᠠᠨ ᠮᠥᠬᠥᠭᠰᠡᠨ ᠳᠣᠣᠷᠠᠲᠤ ᠯᠢᠶᠣᠣ ᠤᠯᠤᠰ ᠢ᠋ ᠠᠯᠲᠠᠨ ᠤᠯᠤᠰ ᠤ᠋ᠨ ᠡᠵᠡᠨ ᠢ᠋ᠶ᠋ᠡᠷ ᠲᠡᠭᠷᠢ ᠶ᠋ᠢᠨ ᠬᠥᠪᠡᠭᠦᠨ ᠦ᠌ ᠦᠭᠡᠰ ᠢ᠋ ᠬᠡᠯᠡᠵᠦ ᠡᠯᠰᠡᠨ ᠳᠠᠭᠠᠭᠤᠯᠵᠤ ᠠᠪᠤᠭᠠᠳ᠂ ᠡᠳᠦᠭᠡ ᠳ᠋ᠡᠭᠡᠨ ᠬᠦᠷᠴᠦ᠂ ᠬᠣᠪᠳᠣᠭ ᠬᠠᠷᠠᠩᠭᠤᠢ᠂ ᠸᠧᠢ ᠸᠠᠩ ᠶᠦᠩ ᠵᠢᠢ ᠶ᠋ᠢᠨ ᠬᠠᠷᠭᠢᠰ ᠠᠪᠯᠢᠭᠠᠴᠢ ᠥᠷᠥᠰᠢᠶᠡᠯ ᠦᠭᠡᠢ ᠰᠡᠳᠬᠢᠯ ᠢ᠋ᠶ᠋ᠡᠷ ᠤᠷᠢᠳᠤ ᠶ᠋ᠢᠨ ᠡᠯᠰᠡᠨ ᠳᠠᠭᠠᠭᠤᠯᠤᠭᠰᠠᠨ ᠵᠠᠷᠯᠢᠭ ᠤ᠋ᠨ ᠦᠭᠡᠰ ᠢ᠋ᠶ᠋ᠡᠨ ᠲᠡᠷᠰᠯᠡᠨ ᠨᠢᠴᠤᠵᠤ᠂ ᠡᠯ᠎ᠡ ᠪᠢᠳᠡᠨ ᠦ᠌ ᠯᠢᠶᠣᠣ ᠶ᠋ᠢᠨ ᠬᠠᠷᠢᠶᠠᠲᠤ ᠢᠷᠭᠡᠳ ᠪᠦᠬᠦᠨ ᠦ᠌ ᠨᠢᠭᠡᠨ ᠡᠷᠦᠬᠡ ᠭᠡᠷ ᠲᠦ᠍ᠷ ᠠᠯᠲᠠᠨ ᠤᠯᠤᠰ ᠤ᠋ᠨ ᠬᠣᠶᠠᠷ ᠠᠮᠠ ᠬᠥᠮᠦᠨ ᠢ᠋ ᠳᠠᠷᠤᠭᠤᠯᠤᠨ ᠰᠠᠭᠤᠯᠭᠠᠵᠤ᠂ ᠤᠮᠠᠷᠠᠲᠤ ᠬᠠᠭᠠᠰ ᠣᠭᠲᠠᠷᠭᠤᠢ ᠶ᠋ᠢᠨ ᠲᠦᠭ ᠲᠦᠮᠡᠨ ᠬᠥᠮᠦᠨ ᠠᠮᠢᠲᠠᠨ ᠤ᠋ ᠬᠡᠯᠬᠢᠶ᠎ᠡ ᠵᠢᠷᠤᠮ ᠲᠠᠰᠤᠯᠠᠭᠳᠠᠨ᠂ ᠣᠨᠳᠣᠷᠣᠯ ᠠᠮᠢᠳᠤᠷᠠᠯ ᠭᠡᠭᠡᠭᠳᠡᠭᠰᠡᠨ ᠦ᠌ ᠲᠤᠯᠠᠳᠠ᠂ ᠨᠢᠳᠦᠨ ᠳ᠋ᠦ᠍ᠷ ᠨᠢᠯᠪᠤᠰᠤᠨ ᠬᠠᠪᠴᠢᠭᠤᠯᠵᠤ᠂ ᠤᠮᠠᠷᠠᠲᠤ ᠠᠯᠲᠠᠨ ᠭᠠᠳᠠᠰᠤᠨ ᠣᠳᠣᠨ ᠢ᠋ ᠪᠠᠷᠠᠭᠠᠳᠠᠨ᠂ ᠦᠯᠡᠳᠡᠭᠰᠡᠨ ᠨᠢᠯᠬᠠᠰ ᠲᠥᠷᠥᠭᠰᠡᠨ ᠡᠬᠡ ᠪᠡᠨ ᠠᠯᠳᠠᠭᠰᠠᠨ ᠢ᠋ᠶ᠋ᠠᠷ ᠠᠯᠢᠪᠠ ᠬᠠᠯᠠᠭᠤᠨ ᠰᠥᠨᠲᠦ ᠪᠦᠬᠦᠨ ᠢ᠋ ᠲᠥᠷᠥᠭᠰᠡᠨ ᠡᠬᠡ ᠪᠣᠯᠭᠠᠨ ᠡᠨᠡᠯᠦᠨ ᠬᠥᠬᠥᠵᠦ᠂ ᠠᠮᠢᠨ ᠪᠡᠶ᠎ᠡ ᠪᠡᠨ ᠠᠪᠤᠷᠠᠨ ᠭᠠᠷᠭᠠᠬᠤ ᠶ᠋ᠢ ᠠᠶᠤᠨ ᠡᠮᠢᠶᠡᠨ ᠳᠠᠭᠵᠢᠵᠤ ᠪᠠᠷᠠᠭᠠᠳᠠᠮᠤᠢ᠃ ᠠᠶ᠎ᠠ ᠠᠯᠲᠠᠨ ᠤᠯᠤᠰ ᠤ᠋ᠨ ᠵᠠᠩᠽᠦ᠋ᠡᠭ ᠬᠠᠭᠠᠨ ᠸᠠᠨ ᠶᠠᠨ ᠵᠢᠩ ᠢ᠋ ᠦᠨᠡᠨ ᠳ᠋ᠦ᠍ᠷ ᠲᠡᠭᠷᠢ ᠶ᠋ᠢᠨ ᠬᠥᠪᠡᠭᠦᠨ ᠦ᠌ ᠥᠷᠥᠰᠢᠶᠡᠯ ᠢ᠋ᠶ᠋ᠡᠷ ᠡᠯᠰᠡᠨ ᠳᠠᠭᠠᠭᠤᠯᠤᠭᠰᠠᠨ ᠪᠥᠯᠥᠭᠡ᠃ ᠡᠳᠦᠭᠡ ᠬᠠᠭᠠᠨ ᠤ᠋ ᠪᠡᠶ᠎ᠡ ᠡᠴᠡ ᠵᠠᠯᠭᠠᠮᠵᠢᠯᠠᠬᠤ ᠲᠥᠷᠥᠭᠰᠡᠨ ᠲᠠᠢᠽᠢ ᠦᠭᠡᠢ ᠳ᠋ᠦ᠍ᠷ ᠬᠠᠭᠠᠨ ᠰᠡᠳᠬᠢᠯ ᠠᠯᠳᠠᠭᠳᠠᠨ ᠠᠬ᠎ᠠ ᠶ᠋ᠢᠨ ᠬᠥᠪᠡᠭᠦᠨ ᠸᠧᠢ ᠸᠠᠩ ᠶᠦᠩ ᠵᠢᠢ ᠶ᠋ᠢ ᠦᠷᠡᠴᠢᠯᠡᠨ ᠤᠯᠤᠰ ᠤ᠋ᠨ ᠶᠡᠬᠡ ᠵᠠᠰᠠᠭ ᠢ᠋ ᠤᠯᠠᠩᠭᠢᠨ ᠶᠦᠩ ᠵᠢᠢ ᠳ᠋ᠦ᠍ᠷ ᠲᠦᠰᠢᠨ ᠨᠠᠢᠳᠠᠭᠰᠠᠨ ᠢ᠋ᠶ᠋ᠠᠷ ᠶᠦᠩ ᠵᠢᠢ ᠶ᠋ᠢᠨ ᠵᠠᠩ ᠰᠠᠨᠠᠭᠠᠨ ᠨᠢᠭᠡᠨᠲᠡ ᠣᠮᠣᠷᠬᠠᠭ ᠪᠠᠷᠳᠠᠮ ᠲᠡᠭᠷᠢ ᠳ᠋ᠦ᠍ᠷ ᠲᠤᠯᠵᠤ᠂ ᠡᠴᠢᠭᠡ ᠬᠠᠭᠠᠨ ᠢ᠋ᠶ᠋ᠠᠨ ᠥᠷᠥᠰᠢᠶᠡᠯᠲᠦ ᠣᠯᠭᠣᠮ ᠢ ᠲᠡᠪᠴᠢᠨ ᠣᠭᠣᠷᠴᠤ᠂ ᠤᠭ ᠲᠣᠭᠲᠠᠭᠠᠯ ᠠ᠋ᠴᠠ ᠵᠥᠷᠢᠴᠡᠨ ᠬᠤᠪᠢᠯᠵᠤ᠂ ᠯᠢᠶᠣᠣ ᠳ᠋ᠦᠩ ᠯᠢᠶᠣᠣ ᠰᠢ ᠶ᠋ᠢᠨ ᠵᠠᠭᠤᠨ ᠤᠪᠤᠭᠳᠠᠨ᠎ᠠ ᠭᠠᠮᠰᠢᠭ ᠪᠣᠯᠭᠠᠵᠤᠬᠤᠢ᠃ ᠡᠨᠡ ᠨᠢᠭᠡᠨ ᠠᠩᠭᠢ ᠶ᠋ᠢ ᠲᠠᠢᠽᠦ ᠴᠢᠩᠭᠢᠰ ᠬᠠᠭᠠᠨ ᠦᠨᠡᠮᠴᠢᠯᠡᠨ ᠠᠢᠯᠠᠳᠤᠨ ᠳᠣᠯᠢᠳᠴᠤ᠂ ᠯᠢᠶᠣᠣ ᠶ᠋ᠢᠨ ᠢᠷᠭᠡᠨ᠎ᠡ ᠦᠷᠦ ᠡᠪᠡᠳᠴᠦ ᠡᠨᠡᠷᠢᠯ ᠦ᠋ᠨ ᠴᠢᠷᠠᠢ ᠶ᠋ᠢᠨ ᠴᠠᠭᠠᠨ᠎ᠠ᠂ ᠠᠯᠲᠠᠨ ᠤᠯᠤᠰ ᠤ᠋ᠨ ᠶᠦᠩ ᠵᠢᠢ ᠳ᠋ᠦ᠍ᠷ ᠬᠢᠯᠢᠭᠯᠡᠯ ᠦ᠋ᠨ ᠪᠠᠢᠳᠠᠯ ᠢᠯᠡᠷᠡᠭᠰᠡᠨ ᠳ᠋ᠦ᠍ᠷ ᠲᠡᠷᠢᠭᠦᠯᠡᠭᠰᠡᠨ ᠰᠠᠢᠳ ᠶᠡᠬᠡ ᠪᠡᠢᠯᠡ᠂ ᠳ᠋ᠠᠢ ᠰᠡᠴᠡᠨ᠂ ᠵᠢᠴᠢ ᠶᠡᠬᠡ ᠴᠧᠩᠰᠢᠶᠠᠩ ᠰᠤᠷᠬᠠᠨ ᠰᠢᠷ᠎ᠠ᠂ ᠤᠯᠤᠰ ᠤ᠋ᠨ ᠶᠡᠬᠡ ᠵᠠᠩᠵᠤᠨ ᠲᠠᠢᠪᠤᠤ ᠲᠦᠰᠢᠮᠡᠯ ᠬᠦᠯᠦᠭ ᠨᠣᠶᠠᠨ ᠪᠤᠭᠤᠷᠵᠢ᠂ ᠤᠯᠤᠰ ᠤ᠋ᠨ ᠶᠡᠬᠡ ᠵᠢᠨᠦᠩ ᠲᠠᠢᠪᠤᠤ ᠲᠦᠰᠢᠮᠡᠯ ᠬᠦᠯᠦᠭ ᠨᠣᠶᠠᠨ ᠮᠤᠬᠤᠯᠢ ᠲᠠᠨ ᠬᠠᠭᠠᠨ ᠤ᠋ ᠰᠡᠳᠬᠢᠯ ᠦ᠋ᠨ ᠬᠢᠯᠢᠩ ᠢ᠋ ᠤᠬᠠᠵᠤ᠂ ᠠᠯᠲᠠᠨ ᠤᠯᠤᠰ ᠢ᠋ ᠳᠠᠢᠯᠠᠨ᠂ ᠯᠢᠶᠣᠣ ᠤᠯᠤᠰ ᠤ᠋ᠨ ᠣᠯᠠᠨ ᠢᠷᠭᠡᠳ ᠢ᠋ ᠠᠮᠤᠷ ᠠᠮᠢᠳᠤᠷᠠᠭᠤᠯᠬᠤ ᠶ᠋ᠢ ᠵᠥᠪᠳᠡᠨ ᠬᠡᠯᠡᠯᠴᠡᠬᠦᠶ᠎ᠡ᠂ ᠴᠢᠩᠭᠢᠰ ᠬᠠᠭᠠᠨ ᠯᠢᠶᠣᠣ ᠳ᠋ᠦᠩ ᠯᠢᠶᠣᠣ ᠰᠢ ᠶ᠋ᠢᠨ ᠣᠯᠠᠨ ᠢᠷᠭᠡᠨ ᠢ᠋ ᠠᠮᠤᠭᠤᠯᠬᠤ ᠠᠷᠭ᠎ᠠ ᠤᠬᠠᠭᠠᠨ ᠪᠠ ᠲᠠᠢᠯᠠᠠᠠᠤ ᠡᠯᠰᠡᠬᠦ ᠶ᠋ᠢ ᠤᠭᠰᠠᠭ᠎ᠠ ᠶ᠋ᠢᠨ ᠬᠠᠭᠠᠨ ᠤ᠋ ᠳᠡᠭᠦᠦ ᠴᠢᠨ ᠸᠠᠩ ᠬᠠᠰᠠᠷ ᠬᠢᠭᠡᠳ ᠤᠯᠤᠰ ᠤ᠋ᠨ ᠶᠡᠬᠡ ᠨᠠᠭᠠᠴᠤ ᠨᠣᠶᠠᠨ ᠬᠦᠩ ᠠᠵᠢᠨᠠᠢ ᠮᠡᠷᠭᠡᠨ ᠬᠣᠶᠠᠭᠤᠯᠠ ᠶ᠋ᠢ ᠵᠣᠩᠬᠢᠯᠠᠨ ᠵᠥᠪᠳᠡᠨ ᠲᠣᠭᠲᠠᠭ᠎ᠠ᠃ ᠵᠢᠴᠢ ᠠᠯᠲᠠᠨ ᠤᠯᠤᠰ ᠤ᠋ᠨ ᠤᠷᠢᠳᠤ ᠡᠳᠦᠷ ᠦ᠋ᠨ ᠴᠢᠩᠭᠢᠰ ᠬᠠᠭᠠᠨ ᠤ᠋ ᠣᠢᠷ᠎ᠠ ᠤᠭᠰᠠᠭ᠎ᠠ ᠶ᠋ᠢᠨ ᠠᠪᠠᠭ᠎ᠠ᠂ ᠰᠠᠢᠨ ᠪᠥᠬᠡ ᠬᠠᠭᠠᠨ ᠢ᠋ ᠠᠯᠲᠠᠨ ᠤᠯᠤᠰ ᠤ᠋ᠨ ᠴᠠᠭᠠᠨ ᠬᠡᠷᠡᠮ ᠦ᠋ᠨ ᠣᠢᠷ᠎ᠠ ᠰᠢᠦᠸᠠᠨ ᠳᠧ ᠹᠦ᠂ ᠳᠡ ᠰᠢᠩ ᠹᠦ ᠳ᠋ᠦ᠍ᠷ ᠰᠠᠭᠤᠵᠤ ᠪᠥᠬᠥᠶ᠎ᠡ᠂ ᠠᠯᠲᠠᠨ ᠤᠯᠤᠰ ᠭᠡᠨᠡᠳᠡᠭᠦᠯᠦᠨ ᠳᠠᠢᠯᠠᠵᠤ᠂ ᠵᠡᠪᠡ ᠶ᠋ᠢᠨ ᠰᠢᠷᠬ᠎ᠠ ᠣᠯᠵᠤ ᠮᠥᠨ ᠬᠣᠣᠷᠠᠲᠤ ᠵᠡᠪᠡ ᠶ᠋ᠢᠨ ᠰᠢᠯᠲᠠᠭᠠᠨ᠎ᠠ᠂ ᠵᠠᠭᠤᠨ ᠬᠣᠨᠣᠭ ᠤ᠋ᠨ ᠡᠴᠦᠰ ᠲᠦ᠍ᠷ ᠦᠭᠡᠢ ᠪᠣᠯᠤᠭᠰᠠᠨ ᠡᠨᠡ ᠣᠰᠢᠶᠡ ᠶ᠋ᠢ ᠬᠡᠳᠦᠢᠨ ᠡᠴᠡ ᠶᠠᠯ᠎ᠠ ᠠᠰᠠᠭᠤᠬᠤ ᠴᠡᠷᠢᠭ ᠪᠠᠢᠭᠤᠯᠤᠨ ᠳᠠᠢᠯᠠᠪᠠᠰᠤ ᠵᠣᠬᠢᠬᠤ ᠪᠥᠯᠥᠭᠡ᠃ ᠬᠡᠳᠦᠢ ᠶᠡᠬᠡ ᠤᠯᠤᠰ ᠢ᠋ ᠠᠨᠤ ᠡᠰᠡ ᠠᠪᠤᠪᠠᠴᠤ᠂ ᠮᠠᠨ ᠳ᠋ᠤᠷ ᠪᠠᠢᠢᠭᠰᠠᠨ ᠰᠢᠦᠸᠠᠨ ᠳᠧ ᠹᠦ᠂ ᠳᠡ ᠰᠢᠩ ᠹᠦ ᠬᠣᠶᠠᠷ ᠪᠠᠯᠭᠠᠳ ᠢ᠋ ᠪᠠᠢᠯᠳᠤᠨ ᠠᠪᠴᠤ᠂ ᠤᠷᠢᠳᠤ ᠶ᠋ᠢᠨ ᠳᠠᠷᠤᠯᠠᠭᠰᠠᠨ ᠦᠰ ᠢ᠋ ᠠᠪᠤᠪᠠᠰᠤ ᠵᠣᠬᠢᠬᠤᠢ ᠶ᠋ᠢᠨ ᠲᠤᠯᠠᠳᠠ᠂ ᠬᠠᠭᠠᠨ ᠤ᠋ ᠳᠡᠭᠦᠦ ᠴᠢᠨ ᠸᠠᠩ ᠪᠦᠬᠦ ᠪᠡᠯᠭᠦᠳᠡᠢ ᠶ᠋ᠢ ᠵᠣᠩᠬᠢᠯᠠᠨ᠂ ᠰᠠᠢᠨ ᠪᠥᠬᠡ ᠬᠠᠭᠠᠨ ᠤ᠋ ᠶᠡᠬᠡ ᠬᠥᠪᠡᠭᠦᠨ ᠲᠠᠢᠽᠢ ᠵᠠᠮᠪᠠᠯ ᠢ᠋ ᠬᠠᠪᠰᠤᠷᠤᠭᠤᠯᠤᠨ᠂ ᠠᠯᠲᠠᠨ ᠤᠯᠤᠰ ᠢ᠋ ᠡᠬᠢᠯᠡᠨ ᠲᠠᠢᠯᠠᠬᠤᠢ ᠳ᠋ᠤᠷ ᠠᠯᠢ ᠵᠣᠪᠬᠢᠰ ᠢ᠋ᠶ᠋ᠠᠷ ᠣᠷᠣᠬᠤ ᠪᠠ ᠬᠠᠮᠢᠭ᠎ᠠ ᠴᠡᠷᠢᠭ ᠪᠠᠭᠤᠳᠠᠯᠯᠠᠨ᠂ ᠤᠬᠤᠷᠢᠬᠤ ᠳᠠᠪᠰᠢᠬᠤ ᠶ᠋ᠢ ᠵᠥᠪᠳᠡᠨ ᠲᠣᠭᠲᠠᠭᠠᠵᠤ ᠠᠢᠯᠠᠳᠬ᠎ᠠ᠃ ᠯᠢᠶᠣᠣ ᠳ᠋ᠦᠩ ᠦ᠋ᠨ ᠦᠢᠯᠡ ᠯᠦ᠍ᠭᠡ ᠠᠳᠠᠯᠢ ᠪᠤᠰᠤ᠂ ᠡᠨᠡ ᠬᠡᠮᠡᠭᠴᠢ ᠥᠪᠡᠷᠦᠨ ᠤᠭᠰᠠᠭ᠎ᠠ ᠶᠠᠰᠤᠨ ᠤ᠋ ᠳᠣᠲᠣᠷᠠᠬᠢ ᠬᠦᠨᠳᠦ ᠥᠰᠢᠶ᠎ᠡ ᠶ᠋ᠢᠨ ᠬᠡᠷᠡᠭ᠂ ᠴᠢᠳᠠᠬᠤᠯ᠎ᠠ ᠴᠠᠭ ᠳᠣᠲᠣᠷ᠎ᠠ ᠤᠭᠰᠠᠭ᠎ᠠ ᠶ᠋ᠢᠨ ᠠᠪᠠᠭ᠎ᠠ ᠶ᠋ᠢᠨ ᠥᠰᠢᠶ᠎ᠡ ᠶ᠋ᠢ ᠠᠪᠰᠤᠭᠠᠢ ᠬᠡᠮᠡᠮᠦᠢ ᠃ ᠮᠡᠬᠦᠰ ᠬᠥᠮᠦᠨ ᠮᠢᠨᠦ ᠤᠭ ᠠ᠋ᠴᠠ ᠤᠷᠲᠤᠳᠠ ᠬᠡᠯᠡᠳᠡᠭ ᠪᠡᠯᠭᠦᠳᠡᠢ ᠶ᠋ᠢᠨ ᠪᠦᠬᠦ ᠪᠠ ᠬᠠᠰᠠᠷ ᠤ᠋ᠨ ᠬᠠᠷᠪᠤᠯ ᠢ᠋ᠶ᠋ᠠᠷ ᠳᠡᠯᠡᠬᠡᠢ ᠳ᠋ᠠᠬᠢᠨ ᠢ᠋ ᠪᠠᠢᠭᠤᠯᠪᠠᠰᠤ ᠪᠣᠯᠤᠮᠤᠢ ᠬᠡᠮᠡᠭᠰᠡᠨ ᠦᠭᠡᠰ ᠦ᠋ᠨ ᠶᠣᠰᠣᠭᠠᠷ ᠡᠨᠡ ᠡᠳᠦᠷ ᠴᠢᠪ ᠴᠢᠬᠡ ᠲᠡᠷᠡ ᠦᠭᠡᠰ ᠦ᠋ᠨ ᠶᠣᠰᠣᠭᠠᠷ ᠪᠣᠯᠤᠨ ᠢᠷᠡᠭᠰᠡᠨ ᠦ᠌ ᠲᠤᠯᠠ᠂ ᠡᠮᠦᠨ᠎ᠡ ᠵᠦᠭ ᠦ᠋ᠨ ᠳᠡᠯᠡᠬᠡᠢ ᠳ᠋ᠠᠬᠢᠨ ᠢ ᠡᠬᠢᠯᠡᠨ ᠬᠢᠴᠢᠶᠡᠬᠦᠶᠡ ᠮᠥᠨ ᠬᠦ᠌ ᠬᠣᠶᠠᠷ ᠳᠡᠭᠦᠦ ᠴᠢᠨ ᠸᠠᠩ ᠤ᠋ᠨ ᠪᠡᠶ᠎ᠡ ᠪᠡᠷ ᠡᠬᠢᠯᠡᠬᠦ ᠦᠢᠯᠡ ᠪᠣᠯᠵᠤᠬᠤᠢ 》ᠭᠡᠮᠡᠨ ᠮᠤᠬᠤᠯᠢ᠂ ᠪᠤᠭᠤᠷᠵᠢ ᠬᠣᠶᠠᠷ ᠶᠡᠬᠡ ᠬᠦᠯᠦᠭ ᠨᠣᠶᠠᠨ ᠲᠠᠢᠪᠤᠤ ᠲᠦᠰᠢᠮᠡᠯ ᠳ᠋ᠦ᠍ᠷ ᠵᠠᠷᠯᠢᠭ ᠪᠣᠯᠤᠷᠤᠨ :
《ᠮᠡᠬᠦᠰ ᠪᠢ ᠪᠠᠭ᠎ᠠ ᠶ᠋ᠢᠨ ᠴᠠᠭᠳᠠ᠂ ᠬᠠᠰᠠᠷ ᠪᠡᠯᠭᠦᠳᠡᠢ ᠬᠣᠶᠠᠷ ᠳᠡᠭᠦᠦ ᠶᠦ᠍ᠭᠡᠨ ᠲᠦᠰᠢᠵᠦ᠂ ᠳᠥᠷᠪᠡᠨ ᠵᠦᠭ ᠬᠠᠷᠪᠤᠨ ᠶᠠᠪᠤᠬᠤᠶ᠎ᠠ ᠪᠡᠯᠭᠦᠳᠡᠢ ᠳᠡᠭᠦᠦ ᠶ᠋ᠢᠨ ᠪᠦᠬᠦ ᠬᠠᠰᠠᠷ ᠳᠡᠭᠦᠦ ᠶ᠋ᠢᠨ ᠬᠠᠷᠪᠤᠯ ᠢ᠋ᠶ᠋ᠠᠷ ᠳᠡᠯᠡᠬᠡᠢ ᠳ᠋ᠠᠬᠢᠨ ᠢ᠋ ᠪᠠᠢᠭᠤᠯᠵᠤ ᠪᠣᠯᠤᠮᠤᠢ ᠭᠡᠮᠡᠨ ᠮᠠᠭᠲᠠᠨ ᠬᠡᠯᠡᠳᠡᠭ ᠪᠥᠯᠥᠭᠡ᠃ ᠡᠳᠦᠭᠡ ᠬᠢᠷᠢ ᠳ᠋ᠦ᠍ᠷ ᠮᠠᠭᠲᠠᠭᠠᠯ ᠦᠭᠡᠰ ᠮᠠᠭᠠᠳ ᠪᠣᠯᠵᠤ᠂ ᠡᠷᠭᠦᠭᠰᠡᠨ ᠦᠭᠡ ᠦᠨᠡᠨ ᠪᠣᠯᠤᠭᠠᠳ ᠲᠠᠨ ᠤ᠋ ᠪᠦᠭᠦᠳᠡᠭᠡᠷ ᠮᠡᠬᠦᠰ ᠨᠠᠮᠠᠶ᠋ᠢ ᠰᠢᠬᠠᠮᠳᠠᠭᠤᠯᠤᠨ ᠰᠠᠭᠤᠷᠢᠨ ᠳ᠋ᠤᠷ ᠰᠠᠭᠤᠯᠭᠠᠵᠤ᠂ ᠦᠨᠡᠬᠡᠷ ᠢ᠋ᠶ᠋ᠡᠷ ᠳᠡᠯᠡᠬᠡᠢ ᠳ᠋ᠠᠬᠢᠨ ᠢ᠋ ᠬᠢᠴᠢᠶᠡᠯ ᠦᠭᠡᠢ ᠪᠡᠷ ᠦᠯᠦ ᠪᠤᠯᠬᠤᠢ ᠳ᠋ᠤᠷ ᠭᠥᠷᠦᠭᠦᠯᠵᠦᠬᠦᠢ᠃ ᠡᠷᠲᠡ ᠪᠥᠭᠡᠰᠦ ᠲᠥᠷᠥᠭᠰᠡᠨ ᠡᠴᠡ ᠳᠥᠷᠪᠡᠨ ᠳᠡᠭᠦᠦ᠂ ᠲᠦᠪᠡᠭᠳᠡᠭᠰᠡᠨ ᠡᠴᠡ ᠳᠥᠷᠪᠡᠨ ᠬᠦᠯᠦᠭ ᠯᠦ᠍ᠭᠡ ᠠᠢᠮᠠᠭ ᠤᠯᠤᠰ ᠢ᠋ᠶ᠋ᠠᠨ ᠬᠠᠮᠠᠭᠠᠯᠠᠨ ᠠᠵᠤ ᠲᠥᠷᠥᠨ ᠪᠥᠯᠥᠭᠡ᠃ ᠣᠯᠠᠨ ᠠᠢᠮᠠᠭ ᠤ᠋ᠳ ᠥᠷᠨᠢᠨ ᠳᠡᠭᠳᠡᠵᠦ᠂ ᠤᠷᠢᠳ ᠬᠣᠵᠢᠳ ᠢ᠋ᠶ᠋ᠠᠷ ᠬᠠᠯᠳᠠᠯᠴᠠᠨ ᠳᠠᠪᠴᠢᠯᠠᠯᠴᠠᠬᠤᠶᠠ᠂ ᠲᠠᠨ ᠬᠣᠶᠠᠭᠤᠯᠠ ᠪᠠᠷ ᠤᠷᠢᠳᠠ ᠨᠥᠬᠥᠷᠯᠡᠭᠰᠡᠨ ᠢ᠋ᠶ᠋ᠡᠷ ᠲᠡᠷᠭᠡᠨ ᠦ᠌ ᠬᠣᠶᠠᠷ ᠠᠷᠠᠯ ᠮᠡᠲᠦ᠂ ᠪᠡᠶ᠎ᠡ ᠶ᠋ᠢᠨ ᠬᠣᠶᠠᠷ ᠮᠥᠷᠥ ᠠᠳᠠᠯᠢ ᠬᠠᠭᠠᠴᠠᠯ ᠦᠭᠡᠢ ᠬᠠᠮᠲᠤᠲᠠᠨ ᠶᠠᠪᠤᠵᠤ᠂ ᠴᠤᠴᠠᠯᠲᠠ ᠦᠭᠡᠢ ᠴᠣᠭᠴᠢᠨ ᠲᠤᠯᠤᠭᠰᠠᠭᠠᠷ᠂ ᠳᠥᠷᠪᠡᠨ ᠬᠦᠯᠦᠭ᠂ ᠵᠢᠷᠭᠤᠭᠠᠨ ᠰᠠᠢᠳ ᠴᠢᠭᠤᠯᠭᠠᠨ ᠪᠦᠷᠢᠳᠴᠦ᠂ ᠮᠢᠨᠦ ᠨᠢᠭᠡᠬᠡᠨ ᠪᠡᠶ᠎ᠡ ᠶ᠋ᠢ ᠬᠠᠮᠠᠭᠠᠯᠠᠨ ᠰᠠᠬᠢᠵᠤ᠂ ᠵᠠᠷ ᠵᠡᠪᠰᠡᠭ ᠲᠣᠷ ᠡᠰᠡᠷᠭᠦᠯᠦᠨ ᠰᠢᠷᠭᠤᠯᠤᠨ᠂ ᠴᠢᠰᠤᠨ ᠪᠠᠢᠯᠳᠤᠭᠠᠨ᠎ᠠ ᠨᠡᠪᠲᠡᠯᠦᠨ ᠰᠢᠪᠲᠤᠯᠤᠭᠰᠠᠭᠠᠷ ᠰᠠᠨᠠᠮᠰᠠᠷ ᠦᠭᠡᠢ ᠳ᠋ᠦ᠍ᠷ ᠠᠭᠤᠯᠵᠠᠨ᠂ ᠬᠦᠰᠡᠭᠰᠡᠨ ᠦᠭᠡᠢ ᠳ᠋ᠦ᠍ᠷ ᠭᠥᠷᠥᠭᠦᠯᠦᠨ᠂ ᠡᠨᠡ ᠭᠤᠴᠢᠨ ᠣᠨ ᠤ᠋ ᠳᠣᠲᠣᠷ᠎ᠠ᠂ ᠳᠠᠯᠠᠨ ᠲᠠᠪᠤᠨ ᠠᠠᠢᠮᠠᠭ ᠢ ᠨᠡᠢᠯᠡᠭᠦᠯᠦᠨ ᠡᠢᠮᠦ ᠶᠡᠬᠡ ᠨᠢᠭᠡᠨ ᠮᠣᠩᠭᠣᠯ ᠤ᠋ᠨ ᠲᠥᠷᠥ ᠶ᠋ᠢ ᠲᠦᠷ ᠵᠠᠭᠤᠷ᠎ᠠ ᠪᠠᠢᠭᠤᠯᠤᠨ ᠲᠣᠭᠲᠠᠭᠠᠵᠤ ᠪᠣᠢ ᠠᠮᠤᠢ᠃ ᠲᠡᠷᠭᠡ ᠳ᠋ᠦ᠍ᠷ ᠬᠣᠶᠠᠷ ᠠᠷᠠᠯ ᠦᠭᠡᠢ ᠪᠥᠭᠡᠰᠦ᠂ ᠶᠠᠭᠤᠨ ᠢ᠋ ᠦᠯᠦ ᠴᠢᠳᠠᠶᠤ᠂ ᠬᠣᠶᠠᠷ ᠠᠷᠠᠯ ᠢ᠋ᠶ᠋ᠠᠷ ᠡᠯ᠎ᠡ ᠬᠦᠨᠳᠦ ᠶ᠋ᠢ ᠳᠠᠭᠠᠭᠠᠵᠤ᠂ ᠬᠣᠶᠠᠷ ᠭᠠᠷ ᠡᠯ᠎ᠡ ᠳᠠᠢᠰᠤᠨ᠎ᠠ ᠲᠤᠯᠤᠯᠴᠠᠭᠰᠠᠭᠠᠷ ᠠᠷᠠᠢ ᠡᠨᠡ ᠬᠢᠷᠢ ᠳ᠋ᠦ᠍ᠷ ᠬᠦᠷᠴᠦ ᠣᠯᠠᠨ ᠠᠢᠮᠠᠭᠲᠠᠨ ᠢ᠋ ᠨᠢᠭᠡᠨ ᠠᠮᠢᠰᠬᠤᠯ ᠪᠣᠯᠭᠠᠭᠰᠠᠨ ᠤ᠋ ᠲᠤᠯᠠᠳᠠ᠂ ᠤᠯᠠᠮ ᠢ᠋ᠶ᠋ᠠᠷ ᠴᠢᠷᠠᠢᠨ ᠴᠢᠷᠮᠠᠢᠵᠤ᠂ ᠤᠭ ᠢᠵᠠᠭᠤᠷ ᠤ᠋ᠨ ᠵᠠᠩ ᠰᠠᠨᠠᠭᠠᠨ ᠢ᠋ ᠪᠠᠲᠤᠳᠠ ᠰᠠᠬᠢᠨ ᠪᠠᠷᠢᠵᠤ᠂ ᠰᠢᠮᠳᠠᠯ ᠬᠢᠴᠢᠶᠡᠯ ᠢ᠋ ᠤᠯᠠᠮ ᠴᠢᠷᠮᠠᠢᠨ ᠠᠳᠬᠤᠵᠤ ᠂ ᠤᠯᠤᠰ ᠲᠥᠷᠥ ᠶ᠋ᠢᠨ ᠶᠡᠬᠡ ᠪᠣᠯᠤᠭᠰᠠᠨ ᠳ᠋ᠤᠷ ᠡᠷᠡᠮᠰᠢᠬᠦ ᠦᠭᠡᠢ᠂ ᠣᠯᠠᠨ ᠪᠠᠭᠠᠲᠤᠳ ᠤ᠋ᠨ ᠴᠤᠭᠯᠠᠨ ᠬᠤᠷᠠᠭᠰᠠᠨ ᠳ᠋ᠤᠷ ᠴᠠᠯᠠᠭᠠᠢᠷᠠᠬᠤ ᠦᠭᠡᠢ᠂ ᠠᠩᠬ᠎ᠠ ᠡᠭᠦᠰᠬᠡᠯ ᠦ᠋ᠨ ᠵᠣᠷᠢᠭ ᠵᠣᠩᠬᠢᠯᠠᠭ ᠢ᠋ ᠡᠰᠡ ᠰᠤᠯᠠᠳᠬᠠᠪᠠᠰᠤ᠂ ᠡᠨᠡ ᠳᠠᠷᠤᠢ ᠲᠡᠭᠷᠢ ᠡᠴᠢᠭᠡ ᠶ᠋ᠢᠨ ᠬᠠᠷᠠᠭᠠᠯᠵᠠᠯᠭ᠎ᠠ ᠳ᠋ᠤᠷ ᠬᠠᠷᠢᠭᠤᠯᠠᠭᠰᠠᠨ ᠠᠨᠤ ᠪᠣᠯᠠᠢ᠃ ᠮᠡᠬᠦᠰ ᠬᠥᠮᠦᠨ ᠤ ᠡᠮᠦᠨ᠎ᠡ ᠠᠩᠬ᠎ᠠ ᠠ᠋ᠴᠠ ᠴᠢᠷᠠᠢᠨ ᠴᠢᠷᠮᠠᠢᠨ ᠵᠢᠳᠬᠦᠨ ᠬᠠᠮᠠᠭᠠᠯᠠᠭᠰᠠᠨ ᠠᠨᠤ᠂ ᠮᠢᠨᠦ ᠬᠠᠰᠠᠷ᠂ ᠪᠡᠯᠭᠦᠳᠡᠢ ᠬᠣᠶᠠᠷ ᠳᠡᠭᠦᠦ ᠡᠴᠡ ᠴᠦ᠍ ᠭᠠᠰᠢᠭᠤᠨ᠎ᠠ ᠵᠢᠳᠬᠦᠯᠦᠭᠡ᠃ ᠲᠠ ᠬᠣᠶᠠᠭᠤᠯᠠ ᠲᠡᠢᠨ ᠦ᠌ ᠳᠣᠲᠣᠷ᠎ᠠ ᠢᠯᠳᠦ ᠪᠠᠷᠢᠨ ᠰᠥᠨᠢ ᠡᠷᠭᠢᠵᠦ᠂ ᠮᠢᠨᠦ ᠪᠡᠶ᠎ᠡ ᠭᠠᠭᠴᠠᠭᠠᠷ ᠠᠮᠤᠷ ᠣᠮᠳᠠᠭᠰᠠᠨ ᠠᠨᠤ᠂ ᠮᠢᠨᠦ ᠲᠥᠷᠥᠭᠰᠡᠨ ᠳᠡᠭᠦᠦ ᠨᠠᠷ ᠠ᠋ᠴᠠ ᠭᠠᠰᠢᠭᠤᠨ ᠢ ᠠᠮᠰᠠᠭᠰᠠᠨ ᠠ᠋ᠴᠠ ᠪᠣᠯᠠᠢ᠃ ᠳᠥᠷᠪᠡᠨ ᠬᠦᠯᠦᠭ ᠮᠢᠨᠦ ᠬᠡᠳᠦᠢᠪᠡᠷ ᠮᠡᠬᠦᠰ ᠬᠥᠮᠦᠨ ᠯᠦ᠍ᠭᠡ ᠨᠢᠭᠡᠨ ᠡᠬᠡ ᠡᠴᠡ ᠡᠰᠡ ᠲᠥᠷᠥᠭᠰᠡᠨ ᠪᠣᠯᠪᠠᠴᠤ᠂ ᠨᠢᠭᠡᠨ ᠵᠢᠷᠤᠮ ᠢ ᠠᠭᠤᠯᠠ ᠮᠡᠲᠦ ᠬᠦᠨᠳᠦ ᠦᠵᠡᠵᠦ᠂ ᠪᠠᠲᠤ ᠢᠲᠡᠭᠡᠮᠵᠢ ᠶ᠋ᠢᠨ ᠭᠠᠪᠢᠶ᠎ᠠ ᠵᠢᠳᠬᠦᠯᠭᠡ ᠪᠠᠢᠭᠤᠯᠤᠭᠰᠠᠨ ᠢ᠋ ᠬᠡᠯᠡᠪᠡᠰᠦ ᠳᠠᠯᠠᠢ ᠶ᠋ᠢᠨ ᠳᠠᠪᠠᠯᠭᠠᠨ ᠮᠡᠲᠦ ᠡᠪᠬᠦᠷ ᠳᠠᠪᠬᠤᠷ ᠪᠣᠯᠵᠤ᠂ ᠮᠢᠨᠦ ᠲᠥᠷᠥᠭᠰᠡᠨ ᠡᠴᠡ ᠴᠦ᠍ ᠳᠠᠪᠠᠭᠰᠠᠨ ᠭᠠᠵᠠᠷ ᠣᠯᠠᠨᠲᠠ ᠪᠣᠢ ᠪᠤᠶᠤ᠃ ᠨᠢᠭᠡᠨ ᠡᠬᠡ ᠡᠴᠡ ᠲᠥᠷᠥᠭᠰᠡᠨ ᠡᠴᠡ ᠮᠢᠨᠦ ᠳᠥᠷᠪᠡᠨ ᠳᠡᠭᠦᠦ ᠂ ᠮᠢᠨᠦ ᠪᠡᠶ᠎ᠡ ᠲᠡᠢ ᠲᠠᠪᠤᠨ ᠡᠷᠬᠡᠲᠡᠨ ᠮᠢᠨᠦ ᠪᠤᠶᠤ᠃ ᠲᠡᠳᠬᠦᠭᠰᠡᠨ ᠡᠴᠡ ᠳᠥᠷᠪᠡᠨ ᠬᠦᠯᠦᠭ ᠮᠢᠨᠦ ᠳᠥᠷᠪᠡᠨ ᠮᠥᠴᠡ ᠮᠢᠨᠦ ᠪᠤᠶᠤ᠃ ᠵᠢᠨᠦᠩ ᠬᠢᠭᠡᠳ ᠵᠠᠩᠵᠤᠨ ᠬᠣᠶᠠᠭᠤᠯᠠ ᠪᠠᠢᠭᠤᠯᠤᠭᠰᠠᠨ ᠤᠯᠤᠰ ᠤ᠋ᠨ ᠬᠣᠶᠠᠷ ᠠᠷᠠᠯ ᠪᠣᠯᠤᠭᠠᠳ᠂ ᠴᠢᠯᠠᠭᠤᠨ ᠪᠤᠭᠤᠷᠤᠯ ᠬᠣᠶᠠᠷ ᠲᠠᠢᠪᠤᠤ ᠤᠯᠤᠰ ᠲᠥᠷᠥ ᠶ᠋ᠢᠨ ᠬᠣᠶᠠᠷ ᠬᠦᠷᠳᠦᠨ ᠮᠡᠲᠦ ᠪᠤᠶᠤ᠃ ᠵᠢᠷᠭᠤᠭᠠᠨ ᠰᠠᠢᠳ ᠮᠢᠨᠦ ᠤᠯᠤᠰ ᠲᠥᠷᠥ ᠶ᠋ᠢᠨ ᠲᠡᠩᠭᠡᠯᠢᠭ ᠬᠠᠰᠢᠶᠠᠳᠠᠰᠤ ᠪᠤᠶᠤ᠃ ᠠᠷᠪᠠᠨ ᠪᠠᠭᠠᠲᠤᠳ ᠮᠢᠨᠦ ᠠᠷᠪᠠᠨ ᠬᠤᠷᠤᠭᠤ ᠮᠢᠨᠦ ᠪᠤᠶᠤ᠃ ᠬᠣᠷᠢᠨ ᠰᠠᠢᠳ ᠤ᠋ᠳ ᠮᠢᠨᠦ ᠬᠣᠷᠢᠨ ᠬᠤᠷᠤᠭᠤ ᠮᠢᠨᠦ ᠪᠤᠶᠤ᠃ ᠲᠡᠷᠢᠭᠦᠯᠡᠭᠰᠡᠨ ᠰᠠᠢᠳ ᠤ᠋ᠳ ᠮᠢᠨᠦ ᠤᠯᠤᠰ ᠲᠥᠷᠥ ᠶ᠋ᠢᠨ ᠮᠠᠯᠠᠭ᠎ᠠ ᠵᠠᠭᠠᠮ᠎ᠠ ᠮᠢᠨᠦ ᠪᠤᠶᠤ᠃ ᠵᠠᠭᠤᠨ ᠲᠦᠰᠢᠮᠡᠳ ᠮᠢᠨᠦ᠂ ᠮᠢᠨᠦ ᠪᠡᠶ᠎ᠡ ᠶ᠋ᠢᠨ ᠬᠤᠪᠴᠠᠳ ᠬᠤᠶᠠᠭ ᠮᠢᠨᠦ ᠪᠤᠶᠤ᠃ ᠣᠯᠠᠨ ᠰᠠᠢᠳ ᠮᠢᠨᠦ ᠰᠠᠭᠠᠳᠠᠭ ᠬᠣᠷᠠᠮᠰᠠᠭᠠ᠂ ᠵᠠᠷ ᠵᠡᠪᠰᠡᠭ ᠮᠢᠨᠦ ᠪᠤᠶᠤ᠃ ᠤᠯᠤᠰ ᠤ᠋ᠨ ᠬᠣᠲᠠᠯᠠᠭᠠᠷ ᠵᠠᠩᠵᠤᠨ ᠴᠡᠷᠢᠭ᠂ ᠬᠤᠶᠠᠭ ᠪᠠᠭᠠᠲᠤᠳ ᠬᠡᠮᠡᠭᠴᠢ ᠮᠢᠨᠦ ᠪᠦᠬᠦᠯᠢ ᠪᠡᠶ᠎ᠡ ᠶ᠋ᠢᠨ ᠪᠦᠬᠦᠯᠢ ᠴᠣᠭᠴᠠ ᠶ᠋ᠢᠨ ᠮᠢᠬ᠎ᠠ ᠠᠷᠠᠰᠤ ᠰᠤᠳᠠᠰᠤ ᠰᠢᠷᠪᠦᠰᠦᠨ ᠦ᠌ ᠨᠡᠢᠲᠡ ᠡᠷᠬᠡᠲᠡᠨ ᠮᠠᠬᠠᠪᠣᠳ ᠮᠢᠨᠦ ᠪᠤᠶᠤ᠃ ᠲᠡᠷᠢᠭᠦᠯᠡᠭᠰᠡᠨ ᠰᠡᠴᠡᠳ ᠪᠠᠭᠠᠲᠤᠳ ᠠ᠋ᠴᠠ ᠳᠠᠷᠠᠭᠠᠯᠠᠨ᠂ ᠴᠡᠷᠢᠭ ᠬᠤᠶᠠᠭ ᠤ᠋ᠳ ᠲᠤᠷ ᠬᠦᠷᠲᠡᠯ᠎ᠡ ᠢᠵᠠᠭᠤᠷ ᠤ᠋ᠨ ᠰᠡᠳᠬᠢᠯ ᠢ᠋ ᠪᠤᠤ ᠬᠠᠯᠠᠭᠲᠤᠨ᠃ ᠶᠡᠷᠦᠳᠡ ᠶ᠋ᠢᠨ ᠬᠠᠭᠤᠴᠢᠨ ᠵᠠᠩ ᠢ᠋ᠶ᠋ᠠᠷ ᠢ᠋ᠶ᠋ᠠᠨ ᠶᠠᠪᠤ᠂ ᠡᠷᠲᠡᠨ ᠦ᠌ ᠰᠠᠨᠠᠭᠠᠨ ᠢ᠋ᠶ᠋ᠠᠨ ᠪᠢᠲᠡᠭᠡᠢ ᠡᠭᠡᠭᠦᠯᠦᠭᠲᠦᠨ᠂ ᠡᠭᠦᠷᠢᠳᠡ ᠶ᠋ᠢᠨ ᠬᠠᠭᠤᠴᠢᠨ ᠵᠠᠩ ᠢ᠋ᠶ᠋ᠠᠷ ᠢ᠋ᠶ᠋ᠠᠨ ᠶᠠᠪᠤᠭᠲᠤᠨ 》ᠭᠡᠮᠡᠨ ᠵᠠᠷᠯᠢᠭ ᠪᠣᠯᠪᠠ᠃
ᠵᠠᠭᠤᠨ ᠲᠦᠰᠢᠮᠡᠳ《ᠲᠦᠮᠡᠨ ᠨᠠᠰᠤᠲᠤ 》ᠭᠡᠮᠡᠨ ᠮᠥᠷᠭᠥᠵᠦ᠂ ᠤᠯᠤᠰ ᠪᠠᠢᠭᠤᠯᠤᠨ ᠲᠥᠷᠥ ᠲᠣᠭᠲᠠᠭᠰᠠᠨ ᠶᠢᠰᠦᠨ ᠡᠳᠦᠷ ᠦ᠋ᠨ ᠶᠢᠰᠦᠨ ᠥᠷᠯᠥᠭᠡ ᠶ᠋ᠢᠨ ᠶᠡᠬᠡ ᠪᠠᠶᠠᠰᠬᠤᠯᠠᠩ ᠤ᠋ᠨ ᠬᠤᠷᠢᠮ ᠡᠬᠢᠯᠡᠵᠦ᠂ ᠤᠯᠤᠰ ᠤ᠋ᠨ ᠬᠣᠲᠠᠯᠠᠭᠠᠷ᠎ᠠ ᠶᠡᠬᠡ ᠥᠷᠯᠥᠭ ᠪᠠᠭᠤᠯᠭᠠᠨ᠂ ᠤᠯᠤᠰ ᠤ᠋ᠨ ᠳᠣᠲᠣᠷᠠᠬᠢ ᠲᠠᠪᠤᠨ ᠵᠠᠪᠰᠠᠷ ᠦᠭᠡᠢ᠂ ᠠᠷᠪᠠᠨ ᠬᠠᠷᠠᠩᠭᠤᠢ ᠠᠪᠤᠷᠠᠯ ᠦᠭᠡᠢ᠂ ᠬᠦᠨᠳᠦ ᠶᠠᠯᠠᠲᠠᠨ ᠠ᠋ᠴᠠ ᠪᠤᠰᠤᠳ ᠢ᠋ ᠠᠨᠤ ᠴᠥᠮ ᠨᠢᠭᠡᠨ ᠵᠡᠷᠭᠡ ᠬᠥᠩᠭᠡᠯᠡᠵᠦ᠂ ᠶᠠᠯ᠎ᠠ ᠶ᠋ᠢ ᠰᠢᠳᠬᠡᠭᠦᠯᠦᠨ᠂ ᠣᠯᠠᠨ ᠠᠷᠠᠳ ᠠᠯᠪᠠᠲᠤ ᠨᠡᠷ᠎ᠡ᠂ ᠬᠣᠶᠠᠷ ᠵᠡᠷᠭᠡ ᠶ᠋ᠢᠨ ᠱᠠᠩ ᠬᠡᠰᠢᠭ ᠳᠠᠪᠬᠤᠷᠯᠠᠨ ᠬᠦᠷᠲᠡᠭᠡᠵᠦ᠂ ᠮᠣᠵᠢ ᠮᠣᠵᠢ ᠶ᠋ᠢᠨ ᠠᠢᠯ ᠠᠢᠮᠠᠭ᠂ ᠬᠣᠷᠣᠭ᠎ᠠ ᠬᠣᠷᠣᠭ᠎ᠠ ᠳ᠋ᠤᠷ ᠪᠠᠶᠠᠷ ᠤ᠋ᠨ ᠴᠢᠭᠤᠯᠭᠠᠨ ᠴᠢᠭᠤᠯᠤᠨ ᠬᠡᠰᠢᠭ ᠬᠤᠷᠢᠮ ᠬᠤᠷᠢᠮᠯᠠᠭᠤᠯᠤᠨ ᠬᠦᠷᠲᠡᠭᠡᠭᠦᠯᠪᠡᠢ᠃ ᠶᠢᠰᠦᠨ ᠥᠷᠯᠥᠭᠡ ᠶ᠋ᠢᠨ ᠶᠡᠬᠡ ᠱᠠᠩ ᠬᠤᠷᠢᠮ ᠤ᠋ᠨ ᠶᠡᠬᠡ ᠬᠥᠷ ᠨᠠᠢᠷ ᠤ᠋ᠨ ᠦᠢᠮᠡᠭᠡᠨ ᠬᠥᠭᠵᠢᠮ ᠢ᠋ ᠲᠦᠮᠡᠨ ᠦᠭᠡᠰ ᠲᠣᠷ ᠲᠣᠭᠠᠴᠢᠨ ᠪᠦᠷᠢᠳᠭᠡᠰᠢ ᠦᠭᠡᠢ᠃ ᠵᠠᠰᠠᠭ ᠲᠥᠷᠥ ᠶ᠋ᠢᠨ ᠶᠣᠰᠣᠯᠠᠯ ᠤ᠋ᠨ ᠬᠤᠷᠢᠮ ᠤ᠋ᠨ ᠲᠠᠰᠢᠷᠠᠮᠠ᠂ ᠶᠡᠬᠡ ᠪᠡᠢᠯᠡ ᠤᠯᠤᠰ ᠤ᠋ᠨ ᠨᠠᠭᠠᠴᠤ ᠳ᠋ᠠᠢ ᠰᠡᠴᠡᠨ᠂ ᠲᠡᠷᠢᠭᠦᠯᠡᠭᠰᠡᠨ ᠲᠡᠢᠰᠢ ᠰᠤᠷᠬᠠᠨ ᠰᠢᠷ᠎ᠠ᠂ ᠵᠢᠴᠢ ᠴᠡᠷᠢᠭ ᠦ᠋ᠨ ᠶᠡᠬᠡ ᠵᠢᠨᠦᠩ ᠲᠠᠢᠪᠤᠤ ᠲᠦᠰᠢᠮᠡᠯ ᠬᠦᠯᠦᠭ ᠨᠣᠶᠠᠨ ᠮᠤᠬᠤᠯᠢ᠂ ᠭᠤᠷᠪᠠᠨ ᠵᠦᠢᠯ ᠦ᠋ᠨ ᠶᠡᠬᠡ ᠤᠴᠢᠷ ᠢ᠋ ᠲᠣᠳᠣᠷᠬᠠᠢᠯᠠᠨ ᠠᠢᠯᠠᠳᠬᠠᠭᠰᠠᠨ ᠠᠨᠤ᠄
《ᠲᠡᠷᠢᠭᠦᠨ ᠳ᠋ᠦ᠍ᠷ ᠠᠯᠲᠠᠨ ᠤᠯᠤᠰ ᠤ᠋ᠨ ᠵᠠᠩᠽᠦᠶ᠋ᠩ ᠬᠠᠭᠠᠨ ᠤ᠋ ᠦᠷᠡᠴᠢᠯᠡᠭᠰᠡᠨ ᠲᠠᠢᠽᠢ᠂ ᠸᠧᠢ ᠸᠠᠩ ᠶᠦᠩ ᠵᠢᠢ᠂ ᠬᠠᠷᠭᠢᠰ ᠲᠣᠭᠰᠢᠨ ᠤᠵᠢᠳ ᠬᠣᠪᠳᠣᠭ ᠂ ᠬᠣᠪᠴᠢ ᠲᠦᠰᠢᠮᠡᠯ ᠬᠤ᠌ ᠱᠠᠨ ᠬᠤ᠌ ᠯᠤᠭ᠎ᠠ ᠬᠤᠪᠢ ᠨᠡᠢᠯᠡᠵᠦ ᠠᠯᠲᠠᠨ ᠤᠯᠤᠰ ᠤ᠋ᠨ ᠬᠣᠢᠲᠤ ᠬᠢᠵᠠᠭᠠᠷ ᠢ᠋ ᠰᠡᠷᠭᠡᠢᠯᠡᠨ ᠰᠠᠭᠤᠭᠰᠠᠨ ᠵᠠᠩᠵᠤᠨ ᠯᠢᠦ ᠵᠦᠩ ᠯᠦ᠍ ᠶ᠋ᠢᠨ ᠠᠪᠠᠭ᠎ᠠ᠂ ᠯᠢᠦ ᠫᠦ᠂ ᠲᠦᠩ ᠵᠢᠶᠦ᠋ᠨ ᠬᠣᠶᠠᠭᠤᠯᠠ ᠶ᠋ᠢ ᠲᠦᠮᠡᠨ ᠯᠠᠩ ᠮᠥᠩᠭᠥ ᠠᠪᠴᠢᠷᠠ ᠬᠡᠮᠡᠭᠰᠡᠨ ᠢ᠋ ᠡᠰᠡ ᠥᠭᠭᠦᠭᠰᠡᠨ ᠢ᠋ᠶ᠋ᠡᠷ ᠳᠠᠷᠤᠢ ᠸᠠᠨ ᠶᠠᠨ ᠠ ᠰᠢᠨ ᠨᠠ ᠲᠠᠨ ᠤ᠋ ᠬᠡᠷᠡᠭ ᠲᠦ᠍ᠷ ᠬᠠᠪᠰᠤᠷᠤᠭᠤᠯᠤᠨ ᠠᠢᠯᠠᠳᠬᠠᠵᠤ᠂ ᠰᠢᠭᠤᠳ ᠨᠡᠢᠰᠯᠡᠯ ᠳ᠋ᠡᠭᠡᠨ ᠵᠠᠷᠯᠠᠭᠰᠠᠨ᠎ᠠ ᠯᠢᠦ ᠫᠦ᠂ ᠲᠦᠩ ᠵᠢᠶᠦ᠋ᠨ ᠬᠣᠶᠠᠷ ᠲᠦᠩ ᠯᠢᠩ ᠲᠦᠰᠢᠮᠡᠯ ᠴᠢᠬᠤᠯᠳᠠᠵᠤ᠂ ᠡᠮ᠎ᠡ ᠦᠷ᠎ᠡ ᠪᠠ ᠨᠥᠬᠥᠷ ᠰᠠᠳᠤᠨ ᠬᠢᠭᠡᠳ ᠲᠠᠪᠤᠨ ᠮᠢᠩᠭᠠᠨ ᠴᠡᠷᠢᠭ ᠢ᠋ᠶ᠋ᠡᠷ ᠪᠦᠷᠢᠨ᠎ᠡ ᠠᠪᠴᠤ ᠪᠣᠳᠣᠷᠣᠣᠯ ᠪᠢᠴᠢᠭ ᠠᠢᠯᠠᠳᠬᠠᠨ ᠳᠠᠭᠠᠷ᠎ᠠ ᠬᠢᠵᠠᠭᠠᠷ ᠲᠤᠷ ᠬᠦᠷᠴᠦ ᠢᠷᠡᠭᠰᠡᠨ ᠨᠢᠭᠡᠨ ᠬᠡᠷᠡᠭ᠃ ᠵᠢᠴᠢ ᠪᠠᠰᠠ ᠪᠠᠷᠠᠭᠤᠨ ᠲᠥᠪᠡᠳ ᠤᠯᠤᠰ ᠤ᠋ᠨ ᠬᠠᠭᠠᠨ ᠭᠦᠨᠯᠢᠩᠳᠣᠷᠵᠢ ᠵᠢᠴᠢ ᠪᠠᠯᠪᠤ ᠤᠯᠤᠰ ᠤ᠋ᠨ ᠬᠠᠭᠠᠨ ᠪᠠᠪᠤᠳ᠋ᠸᠵᠢᠳ ᠬᠣᠶᠠᠭᠤᠯᠠ ᠡᠯᠴᠢ ᠨᠡᠢᠯᠡᠭᠦᠯᠵᠦ ᠂ ᠬᠣᠶᠠᠷ ᠶᠡᠬᠡ ᠴᠠᠭᠠᠨ ᠵᠠᠭᠠᠨ ᠳ᠋ᠤᠷ ᠶᠢᠰᠦᠨ ᠵᠦᠢᠯ ᠦ᠋ᠨ ᠰᠤᠪᠤᠳ ᠡᠷᠳᠡᠨᠢᠰ᠂ ᠬᠠᠰ ᠪᠠᠳᠮᠠᠷᠠᠺᠡ ᠵᠦᠢᠯ ᠢ᠋ ᠬᠣᠷᠢᠨ ᠰᠢᠷᠳᠦ ᠳᠡᠪᠰᠡᠭ ᠠᠴᠢᠵᠤ᠂ ᠰᠠᠢᠨ ᠢ᠋ᠶ᠋ᠠᠷ ᠵᠣᠬᠢᠴᠠᠨ ᠠᠯᠪᠠᠨ ᠬᠦᠷᠭᠡᠵᠦ ᠢᠷᠡᠭᠰᠡᠨ ᠨᠢᠭᠡᠨ ᠬᠡᠷᠡᠭ᠃ ᠵᠢᠴᠢ ᠬᠠᠭᠤᠴᠢᠨ ᠨᠠᠢ᠍ᠮᠠᠨ ᠤ᠋ ᠪᠤᠯᠤ ᠢᠦᠢ ᠬᠠᠨ ᠤ᠋ ᠡᠴᠢᠭᠡ ᠬᠥᠪᠡᠭᠦᠨ ᠢᠯᠳᠡᠰᠢ ᠭᠣᠣᠯ ᠳ᠋ᠤᠷ ᠬᠦᠷᠴᠦ᠂ ᠳᠥᠷᠪᠡᠨ ᠵᠦᠭ ᠢ᠋ ᠳᠠᠪᠴᠢᠯᠠᠨ᠂ ᠡᠳ᠋ ᠠᠮᠤ ᠴᠤᠭᠯᠠᠭᠤᠯᠤᠨ᠂ ᠶᠡᠬᠡ ᠴᠡᠷᠢᠭ ᠡᠯᠰᠡᠵᠦ᠂ ᠮᠠᠨ ᠳ᠋ᠤᠷ ᠳᠠᠭᠠᠭᠰᠠᠨ ᠨᠠᠢ᠍ᠮᠠᠨ ᠢ᠋ ᠳᠠᠪᠴᠢᠯᠠᠷᠠ ᠢᠷᠡᠭᠰᠡᠨ ᠢ᠋ ᠲᠠᠢᠽᠢ ᠬᠦᠩ ᠲᠥᠷᠥᠭᠰᠡᠨ ᠠᠪᠠᠭ᠎ᠠ ᠭᠡᠮᠡᠨ ᠨᠠᠢᠷ ᠦᠯᠡᠳᠡᠭᠡᠨ ᠵᠠᠢᠯᠠᠭᠰᠠᠨ ᠪᠣᠯᠪᠠᠴᠤ᠂ ᠬᠠᠲᠤᠨ ᠠᠨᠤ ᠰᠣᠯᠣᠩᠭᠣᠸᠠ ᠭᠦᠩᠵᠦ᠂ ᠥᠪᠡᠷ ᠢ᠋ᠶ᠋ᠡᠨ ᠵᠠᠩᠵᠤᠨ ᠤ᠋ ᠲᠠᠮᠠᠭ᠎ᠠ ᠪᠠᠨ ᠵᠠᠬᠢᠷᠤᠨ ᠴᠡᠷᠢᠭ ᠠᠪᠤᠨ ᠭᠠᠷᠴᠤ ᠲᠤᠯᠤᠨ ᠪᠠᠢᠯᠳᠤᠵᠤ ᠨᠢᠭᠡᠨ ᠵᠡᠷᠭᠡ ᠳᠠᠷᠤᠵᠤ ᠡᠭᠡᠭᠦᠯᠦᠭᠡᠳ᠂ ᠪᠤᠯᠤ ᠸᠠᠩ ᠤ᠋ᠨ ᠬᠥᠪᠡᠭᠦᠨ ᠪᠠᠰᠠ ᠢᠯᠳᠡᠰᠢ ᠬᠣᠲᠠ ᠠ᠋ᠴᠠ ᠴᠡᠷᠢᠭ ᠨᠡᠮᠡᠨ ᠪᠠᠢᠭᠤᠯᠵᠤ᠂ ᠳᠠᠬᠢᠨ ᠦᠰ ᠠᠪᠤᠷᠠ ᠢᠷᠡᠬᠦ ᠴᠢᠮᠡᠭᠡ ᠪᠣᠢ ᠲᠤᠯᠠ᠂ ᠲᠠᠢᠽᠢ ᠬᠦᠩ ᠠᠯᠲᠠᠨᠱᠠᠭ᠎ᠠ ᠪᠡᠶ᠎ᠡ ᠪᠡᠷ ᠠᠪᠤᠷᠠᠯ ᠴᠡᠷᠢᠭ ᠭᠤᠶᠤᠷ᠎ᠠ ᠢᠷᠡᠭᠰᠡᠨ ᠨᠢᠭᠡᠨ ᠬᠡᠷᠡᠭ 》ᠬᠡᠮᠡᠭᠡᠳ ᠳᠠᠷᠠᠭ᠎ᠠ ᠪᠠᠷ ᠪᠠᠰᠠ ᠬᠣᠶᠠᠷ ᠠᠢᠯᠠᠳᠬᠠᠭᠰᠠᠨ ᠠᠨᠤ : ᠨᠢᠭᠡᠨ ᠢᠨᠦ ᠤᠯᠤᠰ ᠤ᠋ᠨ ᠨᠠᠭᠠᠴᠤ ᠨᠣᠶᠠᠨ ᠠᠵᠢᠨᠠᠢ ᠮᠡᠷᠭᠡᠨ ᠂ ᠤᠯᠤᠰ ᠤ᠋ᠨ ᠶᠡᠬᠡ ᠴᠡᠷᠢᠭ ᠮᠣᠷᠢᠨ ᠢ᠋ ᠲᠦᠷ ᠬᠥᠳᠡᠯᠭᠡᠨ ᠂ ᠳᠡᠭᠦᠦ ᠴᠢᠨ ᠸᠠᠩ ᠬᠠᠰᠠᠷ ᠨᠣᠶᠠᠨ ᠢ᠋ ᠤᠷᠢᠳᠴᠢᠯᠠᠨ ᠮᠣᠷᠳᠠᠭᠤᠯᠬᠤ ᠦᠭᠡᠢ ᠪᠡᠷ ᠨᠠᠭᠠᠴᠤ ᠨᠣᠶᠠᠨ ᠪᠡᠶ᠎ᠡ ᠪᠡᠷ ᠰᠣᠪᠠᠢᠴᠢᠯᠠᠨ᠂ ᠯᠢᠶᠣᠣ ᠳ᠋ᠦᠩ᠂ ᠯᠢᠶᠣᠣ ᠰᠢ ᠶ᠋ᠢᠨ ᠭᠠᠵᠠᠷ᠎ᠠ ᠬᠡᠰᠦᠨ ᠶᠠᠪᠤᠵᠤ ᠶᠧ ᠯᠢᠦᠢ ᠯᠢᠦ ᠭᠧ ᠶ᠋ᠢᠨ ᠰᠠᠭᠤᠭᠰᠠᠨ ᠬᠣᠲᠠ ᠪᠠᠯᠭᠠᠳ ᠪᠠ ᠴᠡᠷᠢᠭ ᠢᠷᠭᠡᠨ ᠤ ᠦᠨᠡᠨ ᠬᠤᠳᠠᠯ᠂ ᠣᠨᠣᠯ ᠰᠠᠨᠠᠯ ᠤ᠋ᠨ ᠪᠠᠢᠳᠠᠯ ᠲᠥᠯᠥᠪ ᠦ᠋ᠨ ᠲᠣᠳᠣᠷᠬᠠᠢ ᠮᠠᠭᠠᠳ ᠢ᠋ ᠲᠥᠯᠥᠪᠯᠡᠨ ᠣᠯᠤᠭᠠᠳ᠂ ᠰᠠᠶᠢ ᠳᠡᠭᠦᠦ ᠴᠢᠨ ᠸᠠᠩ ᠬᠠᠰᠠᠷ ᠨᠣᠶᠠᠨ ᠯᠤᠭ᠎ᠠ ᠶᠡᠬᠡ ᠴᠡᠷᠢᠭ ᠢ᠋ ᠠᠪᠤᠨ ᠭᠠᠷᠴᠤ ᠬᠣᠶᠠᠷ ᠯᠢᠶᠣᠣ ᠶ᠋ᠢᠨ ᠭᠠᠵᠠᠷ ᠢ᠋ ᠬᠠᠪᠰᠤᠨ ᠲᠡᠩᠬᠡᠷᠡᠭᠦᠯᠵᠦ ᠳᠠᠭᠠᠭᠤᠯᠬᠤ ᠶ᠋ᠢ ᠵᠥᠪᠳᠡᠨ ᠠᠢᠯᠠᠳᠬᠠᠵᠤᠬᠤᠢ᠃ ᠪᠠᠰᠠ ᠨᠢᠭᠡᠨ ᠵᠦᠢᠯ ᠢᠨᠦ᠄ ᠰᠠᠢᠨ ᠪᠥᠬᠡ ᠬᠠᠨ ᠤ᠋ ᠲᠠᠢᠽᠢ ᠵᠠᠮᠪᠠᠯ᠂ ᠪᠣᠭᠳᠠ ᠡᠵᠡᠨ ᠦ᠌ ᠶᠡᠬᠡ ᠴᠡᠷᠢᠭ ᠢ᠋ᠶ᠋ᠡᠷ ᠳᠡᠭᠦᠦ ᠡᠴᠢᠭᠡ ᠶ᠋ᠢᠨ ᠠᠯᠲᠠᠨ ᠤᠯᠤᠰ ᠲᠤᠷ ᠭᠡᠨᠡᠳᠡᠭᠰᠡᠨ ᠶᠠᠯ᠎ᠠ ᠶ᠋ᠢ ᠠᠰᠠᠭᠤᠬᠤ ᠴᠡᠷᠢᠭ ᠪᠠᠢᠭᠤᠯᠵᠤ᠂ ᠲᠦᠮᠡᠨ ᠥᠷᠥᠰᠢᠶᠡᠯ ᠳ᠋ᠦ᠍ᠷ ᠡᠯᠢᠭᠡ ᠵᠢᠷᠦᠬᠡ ᠳ᠋ᠦ᠍ᠷ ᠪᠣᠳᠣᠭᠳᠠᠪᠠᠴᠤ ᠬᠠᠷᠢᠭᠤᠯᠠᠨ ᠲᠡᠩᠴᠡᠬᠦ ᠦᠭᠡᠢ᠂ ᠭᠠᠭᠴᠠ ᠪᠢᠳᠡᠨ ᠦ᠌ ᠮᠣᠩᠭᠣᠯ ᠤ᠋ᠨ ᠤᠯᠤᠰ ᠲᠥᠷᠥ ᠰᠢᠨᠡᠬᠡᠨ ᠪᠠᠢᠭᠤᠯᠤᠨ ᠲᠣᠭᠲᠠᠵᠤ᠂ ᠣᠯᠠᠨ ᠭᠠᠪᠢᠶ᠎ᠠ ᠵᠢᠳᠬᠦᠯᠲᠡᠨ ᠦ᠌ ᠠᠮᠢᠰᠬᠤᠯ ᠠᠪᠤᠨ ᠵᠠᠪᠳᠤᠭᠠᠳᠤᠢ ᠳ᠋ᠤᠷ ᠶᠡᠷᠦ ᠶ᠋ᠢᠨ ᠡᠳᠦᠷ᠎ᠡ ᠣᠨᠴᠣᠭᠣᠢ ᠭᠠᠪᠢᠶ᠎ᠠ ᠵᠢᠳᠬᠦᠯᠭᠡ ᠢᠯᠡᠷᠡᠭᠡᠳᠦᠢ᠃ ᠨᠢᠭᠡᠨ ᠤᠭᠰᠠᠭ᠎ᠠ ᠶ᠋ᠢᠨ ᠲᠡᠳᠦᠢ ᠣᠴᠢᠷ᠎ᠠ᠂ ᠰᠢᠨ᠎ᠡ ᠲᠣᠭᠲᠠᠭᠰᠠᠨ ᠤᠯᠤᠰ ᠲᠥᠷᠥ ᠶ᠋ᠢᠨ ᠴᠢᠬᠤᠯᠠ ᠦᠢᠯᠡᠰ ᠢ᠋ ᠪᠦᠷᠢᠳᠬᠡᠬᠦᠢ ᠶ᠋ᠢᠨ ᠤᠷᠢᠳᠠ᠂ ᠥᠪᠡᠷᠦᠨ ᠤᠭᠰᠠᠭ᠎ᠠ ᠭᠡᠮᠡᠨ ᠥᠪᠡᠷᠴᠢᠯᠡᠨ᠂ ᠶᠡᠬᠡ ᠠᠯᠲᠠᠨ ᠤᠯᠤᠰ ᠯᠤᠭ᠎ᠠ ᠬᠠᠯᠳᠠᠨ ᠶᠡᠬᠡ ᠴᠡᠷᠢᠭ ᠢ᠋ ᠬᠥᠳᠡᠯᠭᠡᠬᠦᠢ ᠳ᠋ᠦ᠍ᠷ ᠤᠭᠰᠠᠭ᠎ᠠ ᠶ᠋ᠢᠨ ᠵᠠᠩᠵᠤᠨ ᠵᠠᠮᠪᠠᠯ ᠤ᠋ᠨ ᠨᠢᠭᠡᠨ ᠭᠡᠷ ᠦ᠋ᠨ ᠦᠬᠦᠭᠰᠡᠨ ᠪᠠ ᠠᠮᠢᠳᠤ ᠶ᠋ᠢᠨ ᠳᠣᠲᠣᠷ᠎ᠠ ᠦᠨᠡᠨ ᠢ᠋ᠶ᠋ᠡᠷ ᠠᠶᠤᠮᠰᠢᠭ ᠦᠭᠡᠢ ᠬᠦᠯᠢᠶᠡᠨ ᠲᠦᠪᠳᠡᠰᠢ ᠦᠭᠡᠢ ᠲᠤᠯᠠ ᠴᠡᠴᠡᠷᠡᠨ ᠳᠠᠭᠵᠢᠵᠤ ᠮᠥᠷᠭᠥᠨ ᠭᠤᠶᠤᠬᠤ ᠠᠨᠤ᠂ ᠬᠠᠭᠠᠨ ᠡᠵᠡᠨ ᠦ᠌ ᠳᠡᠭᠦᠦ ᠴᠢᠨ ᠸᠠᠩ ᠪᠡᠯᠭᠦᠳᠡᠢ ᠨᠣᠶᠠᠨ ᠤ᠋ ᠶᠡᠬᠡ ᠴᠡᠷᠢᠭ ᠢ᠋ ᠲᠦᠷ ᠪᠣᠯᠪᠠᠰᠤᠷᠠᠭᠤᠯᠤᠨ ᠰᠡᠭᠭᠢᠭᠦᠯᠵᠦ᠂ ᠵᠠᠮᠪᠠᠯ ᠮᠢᠨᠦ ᠪᠡᠶ᠎ᠡ ᠤᠷᠢᠳᠠ᠂ ᠠᠯᠲᠠᠨ ᠤᠯᠤᠰ ᠲᠤᠷ ᠣᠷᠣᠵᠤ᠂ ᠳᠡᠭᠦᠨᠦ ᠪᠣᠭᠣᠮᠲᠠ ᠶ᠋ᠢᠨ ᠳᠣᠲᠣᠷ᠎ᠠ ᠭᠠᠳᠠᠨ᠎ᠠ ᠳ᠋ᠤᠷ ᠰᠡᠯᠭᠦᠨ ᠶᠠᠪᠤᠵᠤ᠂ ᠰᠢᠦᠸᠠᠨ ᠳᠧ ᠹᠦ᠂ ᠳᠡ ᠰᠢᠩ ᠹᠦ ᠶ᠋ᠢᠨ ᠪᠡᠯᠡᠳᠬᠡᠯ ᠦ᠋ᠨ ᠬᠥᠨᠳᠡᠢ ᠪᠠ ᠳᠦᠭᠦᠷᠡᠩ ᠦ᠋ᠨ ᠪᠠᠢᠳᠠᠯ ᠢ᠋ ᠲᠣᠳᠣᠷᠬᠠᠢᠯᠠᠨ ᠦᠵᠡᠵᠦ᠂ ᠠᠯᠲᠠᠨ ᠤᠯᠤᠰ ᠤ᠋ᠨ ᠨᠡᠢᠰᠯᠡᠯ ᠵᠦᠩ ᠳᠦ ᠪᠠᠯᠭᠠᠰᠤᠨ᠂ ᠡᠳᠦᠭᠡᠬᠢ ᠶ᠋ᠢᠨ ᠪᠡᠭᠡᠵᠢᠩ ᠳ᠋ᠦ᠍ᠷ ᠨᠢᠵᠡᠭᠡᠳ ᠣᠨ ᠰᠠᠭᠤᠵᠤ᠂ ᠤᠯᠤᠰ ᠤ᠋ᠨ ᠠᠮᠢᠰᠬᠤᠯ᠂ ᠲᠥᠷᠥ ᠶ᠋ᠢᠨ ᠲᠥᠯᠥᠪ ᠢ᠋ ᠦᠵᠡᠵᠦ᠂ ᠵᠢᠴᠢ ᠴᠡᠷᠢᠭ ᠬᠥᠳᠡᠯᠬᠦ ᠶ᠋ᠢ ᠵᠥᠪᠳᠡᠨ ᠠᠢᠯᠠᠳᠬᠠᠰᠤᠭᠠᠢ ᠬᠡᠮᠡᠪᠡ᠃ ᠡᠨᠡ ᠲᠠᠪᠤᠨ ᠠᠩᠭᠢ ᠬᠡᠷᠡᠭ ᠢ᠋ ᠳᠠᠷᠠᠭ᠎ᠠ ᠳᠠᠷᠠᠭ᠎ᠠ ᠪᠠᠷ ᠠᠢᠯᠠᠳᠬᠠᠭᠰᠠᠨ ᠳ᠋ᠤᠷ ᠴᠢᠩᠭᠢᠰ ᠬᠠᠭᠠᠨ ᠨᠢᠭᠡᠨ ᠨᠢᠭᠡᠨ ᠢ᠋ᠶ᠋ᠡᠷ ᠬᠠᠭᠤᠯᠤᠨ ᠪᠠᠭᠤᠯᠭᠠᠭᠰᠠᠨ ᠠᠨᠤ᠄
《ᠪᠠᠯᠪᠤ ᠤᠯᠤᠰ ᠬᠢᠭᠡᠳ ᠲᠥᠪᠡᠳ ᠦ᠋ᠨ ᠲᠥᠷᠥ ᠬᠠᠮᠲᠤ ᠨᠡᠢᠯᠡᠵᠦ ᠰᠠᠢᠳ ᠢ᠋ᠶ᠋ᠠᠷ ᠡᠶᠡᠯᠡᠨ᠂ ᠬᠣᠣᠰ ᠵᠠᠭᠠᠨ ᠳ᠋ᠤᠷ ᠶᠢᠰᠦᠨ ᠵᠦᠢᠯ ᠦ᠋ᠨ ᠡᠷᠳᠡᠨᠢᠰ ᠢ᠋ ᠠᠴᠢᠵᠤ ᠪᠡᠯᠡᠭ ᠬᠦᠷᠭᠡᠵᠦ ᠢᠷᠡᠭᠰᠡᠨ ᠢᠨᠦ᠂ ᠮᠢᠨᠦ ᠤᠯᠤᠰ ᠲᠥᠷᠥ ᠳ᠋ᠦ᠍ᠷ ᠡᠷᠳᠡᠮᠲᠦ ᠰᠠᠢᠳ᠂ ᠡᠷᠬᠡᠲᠦ ᠵᠠᠩᠵᠤᠨ ᠢ᠋ ᠡᠷᠳᠡᠨᠢ ᠪᠡᠷ ᠦᠵᠡᠬᠦ ᠪᠣᠢ ᠊ᠢ᠎ᠡ᠂ ᠡᠳ᠋ ᠠᠭᠤᠷᠠᠰᠤᠨ᠂ ᠡᠷᠳᠡᠨᠢ ᠲᠠᠨ᠎ᠠ ᠶ᠋ᠢ ᠡᠷᠳᠡᠨᠢ ᠪᠡᠷ ᠡᠰᠡ ᠦᠵᠡᠬᠦ ᠪᠣᠯᠪᠠᠴᠤ ᠪᠠᠷ ᠡᠩ ᠦ᠋ᠨ ᠰᠠᠴᠠᠭᠤ ᠤᠯᠤᠰ ᠤ᠋ᠨ ᠡᠭᠡᠷᠡᠨ ᠦᠵᠡᠭᠰᠡᠨ ᠪᠠ ᠪᠠᠰᠠ ᠮᠢᠨᠦ ᠰᠠᠭᠤᠷᠢᠨ ᠳ᠋ᠤᠷ ᠰᠠᠭᠤᠭᠰᠠᠨ ᠪᠡᠯᠭᠡ ᠯᠦ᠍ᠭᠡ ᠲᠣᠬᠢᠶᠠᠯᠳᠤᠨ ᠪᠠᠷᠢᠯᠳᠤᠭᠰᠠᠨ ᠢ᠋ᠶ᠋ᠠᠷ ᠵᠢᠷᠭᠤᠭᠠᠨ ᠴᠢᠩ ᠰᠠᠢᠳ ᠤ᠋ᠨ ᠤᠭᠰᠠᠭ᠎ᠠ ᠸᠠᠩ ᠠ᠋ᠴᠠ ᠬᠣᠶᠠᠷ ᠸᠠᠩ ᠢ᠋ ᠲᠡᠷᠢᠭᠦᠯᠡᠨ᠂ ᠬᠣᠶᠠᠷ ᠤᠯᠤᠰ ᠤ᠋ᠨ ᠢᠷᠡᠭᠰᠡᠨ ᠡᠯᠴᠢ ᠶ᠋ᠢᠨ ᠬᠤᠪᠢ ᠳ᠋ᠤᠷ ᠲᠡᠩᠴᠡᠭᠦᠯᠦᠨ ᠬᠤᠷᠢᠮᠯᠠᠨ ᠬᠦᠨᠳᠦᠯᠡᠵᠦ᠂ ᠬᠣᠶᠠᠷ ᠤᠯᠤᠰ ᠤ᠋ᠨ ᠢᠷᠡᠭᠰᠡᠨ ᠪᠡᠯᠡᠭ ᠲᠣᠷ ᠲᠡᠩᠴᠡᠭᠦᠯᠦᠨ᠂ ᠲᠦᠰᠢᠮᠡᠯ ᠠᠮᠠᠯᠠᠨ ᠪᠡᠯᠡᠭ ᠬᠥᠷᠭᠡᠭᠦᠯᠦᠨ᠂ ᠬᠣᠯᠠ ᠳ᠋ᠠᠬᠢ ᠤᠯᠤᠰ ᠤ᠋ᠨ ᠡᠭᠡᠷᠡᠨ ᠦᠵᠡᠭᠰᠡᠨ ᠵᠢᠷᠤᠮ ᠶᠣᠰᠣᠨ ᠳ᠋ᠤᠷ ᠵᠣᠬᠢᠴᠠᠭᠤᠯ᠃ ᠵᠢᠴᠢ ᠬᠠᠭᠤᠴᠢᠨ ᠨᠠᠢ᠍ᠮᠠᠨ ᠤ᠋ ᠪᠤᠯᠤ ᠸᠠᠩ ᠬᠢᠭᠡᠳ ᠳᠡᠭᠦᠨᠦ ᠬᠥᠪᠡᠭᠦᠨ ᠴᠢᠦᠢ ᠴᠦ ᠯᠢᠦᠢ ᠶ᠋ᠢᠨ ᠥᠪᠡᠷᠦᠨ ᠤᠭᠰᠠᠭ᠎ᠠ ᠪᠠ ᠪᠢᠳᠡᠨ ᠦ᠌ ᠤᠯᠤᠰ ᠯᠤᠭ᠎ᠠ ᠤᠳᠠᠭ᠎ᠠ ᠳᠠᠷᠠᠭ᠎ᠠ᠂ ᠳᠠᠬᠢᠨ ᠳᠠᠪᠲᠠᠨ ᠢᠷᠡᠨ ᠬᠠᠯᠳᠠᠵᠤ᠂ ᠳᠠᠪᠴᠢᠯᠠᠨ ᠳᠣᠪᠳᠤᠯᠠᠬᠤᠶᠠ᠂ ᠨᠠᠢ᠍ᠮᠠᠨ ᠤ᠋ ᠰᠡᠷᠭᠦᠯᠡᠩ ᠭᠦᠩᠵᠦ ᠴᠡᠷᠢᠭ ᠠᠪᠤᠨ ᠲᠤᠯᠤᠨ ᠡᠭᠡᠬᠦᠯᠡᠷᠡ ᠥᠪᠡᠷᠦᠨ ᠨᠥᠬᠥᠷ ᠬᠦᠩ ᠦ᠋ᠨ ᠬᠥᠮᠦᠨ ᠦ᠌ ᠬᠡᠯᠬᠢᠶ᠎ᠡ ᠳ᠋ᠦ᠍ᠷ ᠦᠯᠦ ᠬᠠᠷᠰᠢᠭᠤᠯᠤᠭᠰᠠᠨ ᠠᠨᠤ ᠴᠣᠬᠣᠮ ᠰᠤᠷᠪᠤᠯᠵᠢᠲᠤ ᠭᠡᠷᠦᠨ ᠪᠦᠸᠸᠵᠦ ᠪᠥᠭᠡᠳ ᠬᠠᠨ ᠤᠳᠤᠮᠲᠤ ᠬᠠᠳᠠᠮ ᠤ᠋ᠨ ᠤᠯᠤᠰ ᠪᠠ ᠭᠡᠷ ᠢ᠋ ᠬᠠᠮᠠᠭᠠᠯᠠᠨ ᠴᠢᠳᠠᠭᠰᠠᠨ ᠠᠨᠤ ᠬᠠᠳᠠᠮ ᠲᠥᠷᠬᠥᠮ ᠢ᠋ ᠴᠥᠮ ᠭᠡᠷᠡᠯᠲᠦᠭᠦᠯᠦᠨ ᠦᠨᠡᠬᠡᠷ ᠮᠠᠰᠢᠳᠠ ᠰᠠᠢᠰᠢᠶᠠᠯᠲᠠᠢ ᠶ᠋ᠢᠨ ᠲᠤᠯᠠ᠂ ᠴᠡᠷᠢᠭ ᠦ᠋ᠨ ᠶᠡᠬᠡ ᠵᠢᠨᠦᠩ ᠦ᠋ᠨ ᠭᠠᠵᠠᠷ᠎ᠠ ᠵᠥᠪᠳᠡᠨ ᠬᠡᠯᠡᠯᠴᠡᠵᠦ᠂ ᠰᠡᠷᠭᠦᠯᠡᠩ ᠪᠦᠸᠸᠵᠦ ᠳ᠋ᠦ᠍ᠷ ᠠᠩᠭᠢᠳᠠ ᠨᠢᠭᠡᠨ ᠬᠤᠪᠢ ᠶ᠋ᠢᠨ ᠴᠡᠷᠢᠭ ᠬᠡᠷᠡᠭᠯᠡᠬᠦ ᠡᠷᠬᠡ ᠲᠣᠪᠴᠢ ᠶ᠋ᠢᠨ ᠲᠤᠭ ᠬᠢᠭᠢᠷᠢ ᠰᠢᠬᠦᠷ ᠳᠠᠯᠪᠢᠭᠠᠨ ᠤ᠋ ᠵᠢᠭᠰᠠᠭᠠᠯ ᠬᠦᠷᠲᠡᠭᠡᠨ ᠲᠡᠮᠳᠡᠭᠯᠡᠬᠦ ᠶ᠋ᠢ ᠬᠡᠷᠬᠢᠨ ᠠᠪᠠᠴᠢᠪᠠᠰᠤ ᠵᠣᠬᠢᠬᠤ ᠶ᠋ᠢ ᠭᠡᠷᠡᠯᠲᠦ ᠶᠡᠬᠡᠮᠰᠦᠭ ᠬᠤᠸᠠᠩᠬᠡᠦ ᠡᠴᠡ ᠵᠠᠷᠯᠢᠭ ᠭᠤᠶᠤᠨ᠂ ᠡᠬᠡᠨᠡᠷ ᠦ᠋ᠨ ᠬᠠᠤᠯᠢ ᠶᠣᠰᠣ ᠪᠠᠷ ᠲᠣᠭᠲᠠᠭᠠᠨ ᠬᠠᠢᠷᠠᠯᠠᠭᠠᠳ᠂ ᠨᠢᠭᠡᠨ ᠳᠡᠭᠡᠭᠦᠷ ᠨᠠᠢ᠍ᠮᠠᠨ ᠤ᠋ ᠶᠢᠰᠦᠨ ᠵᠡᠷᠭᠡ ᠡᠷᠢᠨ ᠳᠠᠪᠴᠢᠯᠠᠭᠰᠠᠨ ᠶᠠᠯ᠎ᠠ ᠶᠢ ᠲᠣᠭᠠᠴᠢᠨ ᠭᠠᠷᠭᠠᠵᠤ᠂ ᠡᠯᠴᠢ ᠵᠠᠷᠤᠨ ᠶᠠᠯ᠎ᠠ ᠶ᠋ᠢ ᠠᠰᠠᠭᠤᠯᠭᠠᠭᠠᠳ᠂ ᠳᠠᠭᠠᠯᠳᠤᠭ᠎ᠠ᠂ ᠮᠡᠬᠦᠰ ᠬᠥᠮᠦᠨ ᠪᠡᠶ᠎ᠡ ᠪᠡᠷ ᠶᠡᠬᠡ ᠴᠡᠷᠢᠭ ᠢ᠋ ᠠᠪᠤᠨ ᠳᠠᠢᠯᠠᠷ᠎ᠠ ᠡᠴᠢᠬᠦ ᠶ᠋ᠢ ᠴᠢᠩᠳᠠᠯᠠᠨ ᠬᠤᠷᠴᠠ ᠲᠡᠭᠰᠢ ᠪᠡᠷ ᠪᠡᠯᠡᠳᠬᠡᠵᠦ᠂ ᠡᠳᠦᠷ ᠰᠠᠷ᠎ᠠ ᠶ᠋ᠢ ᠲᠣᠭᠲᠠᠭᠠᠨ ᠠᠢᠯᠠᠳᠬ᠎ᠠ᠃ ᠵᠢᠴᠢ ᠯᠢᠶᠣᠣ ᠳ᠋ᠦᠩ ᠦ᠋ᠨ ᠶᠧ ᠯᠢᠦᠢ ᠭᠧ ᠶ᠋ᠢᠨ ᠪᠡᠯᠡᠭ ᠬᠦᠷᠭᠡᠨ ᠮᠥᠷᠭᠥᠷ᠎ᠡ ᠢᠷᠡᠭᠰᠡᠨ᠂ ᠳᠡᠭᠦᠨᠦ ᠬᠠᠳᠠᠮ ᠤ᠋ᠨ ᠳᠡᠭᠦᠦ᠂ ᠢᠳᠡᠲᠡᠢ ᠵᠠᠩᠵᠤᠨ ᠬᠢᠭᠡᠳ ᠲᠠᠢᠽᠢ ᠬᠦᠩ ᠠᠯᠲᠠᠨᠱᠠᠭ᠎ᠠ ᠶ᠋ᠢᠨ ᠨᠠᠭᠠᠴᠤ᠂ ᠸᠠᠨ ᠶᠠᠨ ᠠ ᠰᠢᠨ ᠨᠠ ᠬᠢᠭᠡᠳ ᠭᠦᠸᠧ ᠪᠤᠤ ᠢᠦᠢ᠂ ᠵᠢᠶᠣᠤ ᠶᠢᠨ ᠨᠠᠷ ᠬᠠᠷᠠᠩᠭᠤᠢ ᠬᠣᠪᠳᠣᠭ ᠲᠤᠷ ᠭᠠᠴᠢᠭᠳᠠᠨ ᠮᠤᠬᠤᠷᠳᠠᠵᠤ᠂ ᠭᠡᠭᠡᠬᠡᠨ ᠢ᠋ ᠡᠷᠢᠨ ᠴᠢᠬᠡ ᠶ᠋ᠢ ᠵᠦᠭᠯᠡᠨ ᠢᠷᠡᠭᠰᠡᠨ ᠦ᠌ ᠲᠤᠯᠠᠳᠠ᠂ ᠬᠦᠨᠳᠦ ᠪᠡᠷ ᠬᠤᠷᠢᠮᠯᠠᠨ᠂ ᠥᠪᠡᠷᠮᠢᠴᠡ ᠥᠷᠥᠰᠢᠶᠡᠬᠦ ᠶ᠋ᠢ ᠦᠵᠡᠭᠦᠯᠦᠨ᠂ ᠲᠡᠳᠡᠨ ᠦ᠌ ᠲᠤᠰ ᠲᠤᠰ ᠲᠤᠷ ᠲᠤᠰᠢᠶᠠᠨ ᠲᠠᠢᠯᠤᠭᠤᠯᠬᠤ᠂ ᠬᠠᠰᠠᠷ ᠴᠢᠨ ᠸᠠᠩ ᠬᠢᠭᠡᠳ ᠬᠠᠪᠰᠤᠷᠭ᠎ᠠ ᠨᠣᠶᠠᠨ ᠪᠡᠯᠭᠦᠳᠡᠢ ᠴᠢᠨ ᠸᠠᠩ᠂ ᠵᠢᠴᠢ ᠲᠠᠢᠽᠢ ᠵᠠᠮᠪᠠᠯ ᠯᠤᠭ᠎ᠠ ᠬᠤᠷᠢᠮᠯᠠᠭᠤᠯᠤᠨ ᠬᠡᠯᠡᠯᠴᠡᠭᠦᠯᠦᠨ ᠲᠣᠭᠲᠠᠭᠰᠠᠨ ᠶᠠᠪᠤᠳᠠᠯ ᠲᠠᠢ ᠲᠣᠳᠣᠷᠬᠠᠢᠯᠠᠨ ᠠᠢᠯᠠᠳᠬ᠎ᠠ᠃ ᠵᠢᠴᠢ ᠲᠡᠳᠡᠨ ᠯᠦ᠍ᠭᠡ ᠲᠣᠬᠢᠶᠠᠯᠳᠤᠨ ᠬᠠᠮᠲᠤ ᠢᠷᠡᠭᠰᠡᠨ᠂ ᠠᠯᠲᠠᠨ ᠤᠯᠤᠰ ᠤ᠋ᠨ ᠤ᠋ ᠵᠧᠦ ᠪᠠᠯᠭᠠᠰᠤᠨ ᠤ᠋ ᠴᠧᠩ ᠱᠧᠦ ᠢᠦᠢ ᠲᠦᠰᠢᠮᠡᠯ ᠵᠠᠩ ᠵᠢᠩ ᠬᠢᠭᠡᠳ ᠵᠧᠦ ᠶ᠋ᠢᠨ ᠬᠣᠶᠠᠷ ᠲᠦᠰᠢᠮᠡᠯ ᠦ᠋ᠨ ᠲᠥᠷᠥᠭᠰᠡᠨ ᠪᠠᠢᠳᠠᠯ ᠳ᠋ᠤᠷ ᠲᠡᠷᠰ ᠰᠥᠷᠭᠡᠦ ᠵᠢᠰᠦ ᠨᠢᠭᠤᠷ ᠲᠤᠷ ᠢᠯᠡᠷᠡᠬᠦ ᠪᠣᠯᠪᠠᠴᠤ ᠂ ᠠᠪᠤᠷᠠᠯ ᠡᠷᠢᠨ ᠠᠮᠢᠨ ᠰᠢᠷᠭᠤᠷ᠎ᠠ ᠢᠷᠡᠭᠰᠡᠨ ᠲᠤᠯᠠ᠂ ᠣᠯᠠᠨ ᠰᠠᠢᠳ ᠵᠢᠨᠦᠩ ᠦ᠋ᠨ ᠴᠠᠴᠠᠷ ᠲᠤᠷ ᠴᠤᠭᠯᠠᠭᠤᠯᠤᠨ᠂ ᠵᠣᠬᠢᠰ ᠢ᠋ ᠦᠵᠡᠨ ᠲᠡᠳᠬᠦᠮᠵᠢᠯᠡᠨ ᠠᠪᠤᠷᠠᠭᠲᠤᠨ᠃ ᠲᠡᠷᠡ ᠡᠳᠦᠷ ᠮᠣᠷᠢᠨ ᠤ᠋ ᠬᠠᠵᠠᠭᠤᠳᠠ ᠪᠠᠷᠠᠭᠠᠳᠠᠨ ᠮᠥᠷᠭᠥᠬᠦᠶ᠎ᠡ ᠦᠵᠡᠪᠡᠰᠦ᠂ ᠲᠡᠳᠡᠭᠡᠷ ᠨᠢᠭᠡᠨ ᠰᠦᠷᠦᠭ ᠦ᠋ᠨ ᠳᠣᠲᠣᠷ᠎ᠠ᠂ ᠭᠠᠭᠴᠠ ᠬᠦ᠌ ᠲᠡᠷᠡ ᠵᠠᠩ ᠣᠪᠣᠭᠲᠤ ᠬᠢᠲᠠᠳ ᠠᠨᠤ ᠡᠲᠡᠭᠡᠳ ᠪᠠᠢᠨᠠᠮ᠂ ᠮᠠᠰᠢ ᠢᠲᠡᠭᠡᠮᠵᠢ ᠦᠭᠡᠢ ᠬᠥᠮᠦᠨ ᠪᠤᠶᠤ᠃ ᠰᠡᠷᠡᠮᠵᠢᠯᠡᠨ ᠬᠡᠷᠡᠭᠯᠡᠭᠲᠦᠨ᠃ ᠵᠢᠴᠢ ᠬᠣᠵᠢᠮ ᠤ᠋ᠨ ᠢᠷᠡᠭᠰᠡᠨ ᠯᠢᠦ ᠹᠦ ᠂ ᠲᠦᠩ ᠵᠢᠶᠦ᠋ᠨ ᠬᠣᠶᠠᠭᠤᠯᠠ ᠮᠢᠨᠦ ᠰᠢᠳᠠᠷ ᠰᠠᠢᠳ ᠯᠢᠦ ᠵᠦᠩ ᠯᠦ᠍ ᠶ᠋ᠢᠨ ᠲᠥᠷᠥᠭᠰᠡᠨ ᠠᠪᠠᠭ᠎ᠠ ᠲᠤᠯᠠ ᠰᠡᠵᠢᠭᠯᠡᠬᠦ ᠭᠠᠵᠠᠷ ᠦᠭᠡᠢ᠃ ᠭᠡᠪᠡᠴᠦ ᠮᠠᠨ ᠤ᠋ ᠤᠯᠤᠰ ᠤ᠋ᠨ ᠬᠠᠤᠯᠢ ᠳ᠋ᠤᠷ ᠬᠢᠲᠠᠳ ᠤ᠋ᠨ ᠴᠡᠷᠢᠭ ᠢ᠋ ᠭᠦᠨ᠎ᠡ ᠦᠯᠦ ᠣᠷᠣᠭᠤᠯᠬᠤᠢ ᠶ᠋ᠢᠨ ᠣᠴᠢᠷ᠎ᠠ᠂ ᠰᠢᠮᠤ ᠮᠢᠩᠭᠠᠨ ᠬᠢᠭᠡᠳ ᠱᠢ ᠲᠢᠶᠠᠨ ᠴᠢᠶᠠᠩ ᠲᠠᠨ ᠤ᠋ ᠴᠡᠷᠢᠭ ᠯᠦ᠍ᠭᠡ ᠬᠠᠮᠲᠤ ᠲᠡᠳᠡᠨ ᠦ᠌ ᠲᠠᠪᠤᠨ ᠮᠢᠩᠭᠠᠨ ᠤ᠋ ᠴᠡᠷᠢᠭ ᠮᠣᠷᠢᠨ ᠢ᠋ ᠲᠠᠩᠭᠤᠳ ᠤᠯᠤᠰ ᠤ᠋ᠨ ᠰᠢᠨ᠎ᠡ ᠳᠠᠭᠠᠭᠰᠠᠨ ᠵᠢᠷᠯᠤᠭ ᠬᠣᠲᠠ ᠬᠢᠭᠡᠳ ᠯᠢ ᠵᠢᠢ ᠯᠢ ᠬᠣᠷᠣᠭ᠎ᠠ ᠳ᠋ᠤᠷ ᠬᠤᠪᠢᠶᠠᠯᠴᠠᠨ ᠪᠠᠭᠤᠯᠭᠠᠵᠤ᠂ ᠡᠮᠦᠨ᠎ᠡ ᠠᠯᠲᠠᠨ ᠤᠯᠤᠰ ᠢ᠋ ᠲᠤᠯᠵᠤ᠂ ᠪᠠᠷᠠᠭᠤᠨ ᠳ᠋ᠤᠷ ᠲᠠᠩᠭᠤᠳ ᠤᠯᠤᠰ ᠢ᠋ ᠰᠡᠷᠭᠡᠢᠯᠡᠭᠦᠯ᠃ ᠯᠢᠦ ᠫᠦ ᠬᠢᠭᠡᠳ ᠲᠦᠩ ᠵᠢᠶᠦ᠋ᠨ ᠦ᠌ ᠤᠭ ᠵᠡᠷᠭᠡ ᠶ᠋ᠢᠨ ᠲᠦᠩ ᠯᠢᠩ ᠴᠣᠯᠠ ᠶ᠋ᠢ ᠠᠨᠤ ᠠᠬᠤᠭᠤᠯᠵᠤ᠂ ᠳᠡᠭᠦᠨᠦ ᠵᠡᠷᠭᠡ ᠬᠡᠷᠬᠡᠮ ᠦ᠋ᠨ ᠶᠣᠰᠣᠲᠤ ᠬᠤᠪᠴᠠᠳ ᠢ᠋ᠶ᠋ᠠᠷ ᠪᠠᠷᠠᠭᠠᠯᠠᠭᠤᠯ᠃ ᠵᠢᠴᠢ ᠨᠠᠭᠠᠴᠤ ᠨᠣᠶᠠᠨ ᠠᠵᠢᠨᠠᠢ ᠶ᠋ᠢᠨ ᠠᠢᠯᠠᠳᠬᠠᠭᠰᠠᠨ ᠤᠳᠠᠭᠠᠨ ᠤᠷᠲᠤ ᠶ᠋ᠢᠨ ᠳᠠᠢᠯᠠᠬᠤ ᠳᠠᠭᠠᠭᠤᠯᠬᠤ ᠠᠷᠭ᠎ᠠ ᠤᠬᠠᠭᠠᠨ ᠢ᠋ ᠮᠠᠰᠢᠳᠠ ᠰᠠᠢᠰᠢᠶᠠᠨ᠂ ᠡᠨᠡ ᠰᠠᠶᠢ ᠤᠯᠤᠰ ᠲᠥᠷᠥ ᠶ᠋ᠢᠨ ᠲᠤᠯᠭᠤᠷ ᠪᠠᠭᠠᠨ᠎ᠠ᠂ ᠲᠦᠮᠡᠨ ᠢᠷᠭᠡᠨ ᠦ᠌ ᠡᠴᠢᠭᠡ ᠡᠬᠡ᠂ ᠭᠡᠷᠡᠯᠲᠦ ᠶᠡᠬᠡᠮᠰᠦᠭ ᠬᠤᠸᠠᠩᠬᠡᠦ ᠶ᠋ᠢᠨ ᠲᠥᠷᠬᠥᠮ ᠦ᠋ᠨ ᠳᠠᠪᠬᠤᠷ ᠭᠡᠷᠡᠯ ᠬᠢᠯᠪᠠᠰᠤᠯ ᠨᠡᠮᠡᠭᠳᠡᠭᠦᠯᠵᠦᠬᠦᠢ᠃ ᠡᠬᠡ ᠶ᠋ᠢ ᠢᠨᠦ ᠡᠰᠡ ᠡᠴᠡᠭᠡᠭᠦᠯᠦᠨ᠂ ᠲᠤᠭᠤᠯ ᠢ᠋ ᠠᠨᠤ ᠪᠠᠰᠠ ᠦᠯᠦ ᠲᠤᠷᠠᠭᠠᠬᠤ ᠪᠠᠷ ᠣᠯᠠᠨ ᠢ᠋ ᠠᠮᠤᠭᠤᠯᠤᠨ ᠤᠯᠤᠰ ᠢ᠋ ᠣᠷᠣᠭᠤᠯᠵᠤ ᠠᠪᠬᠤ ᠤᠷᠲᠤ ᠤᠳᠠᠭᠠᠨ ᠤ᠋ ᠠᠷᠭ᠎ᠠ ᠤᠬᠠᠭᠠᠨ ᠮᠥᠨ ᠲᠤᠯᠠ᠂ ᠳᠥᠷᠪᠡᠨ ᠲᠠᠢᠽᠢ ᠴᠢᠨ ᠸᠠᠩ ᠤ᠋ᠳ ᠬᠠᠮᠲᠤ ᠬᠤᠷᠢᠮᠯᠠᠨ ᠤᠬᠠᠭᠠᠨ ᠢ᠋ ᠨᠠᠷᠢᠪᠴᠢᠯᠠᠨ ᠰᠣᠷᠣᠭᠲᠤᠨ᠃ ᠵᠢᠴᠢ ᠲᠠᠢᠽᠢ ᠬᠦᠩ ᠵᠠᠮᠪᠠᠯ ᠤ᠋ᠨ ᠠᠢᠯᠠᠳᠬᠠᠭᠰᠠᠨ ᠨᠤᠭᠤᠯᠪᠤᠷᠢ ᠬᠡᠳᠦᠢᠪᠡᠷ ᠮᠢᠨᠦ ᠬᠤᠷᠴᠠ ᠬᠢᠯᠢᠩ᠂ ᠲᠠᠰᠤᠷᠬᠠᠢ ᠠᠭᠤᠷᠯᠠᠯ ᠢ᠋ᠶ᠋ᠠᠷ ᠲᠦᠷᠭᠡᠨ ᠲᠦᠭᠦᠬᠡᠢ ᠰᠢᠭᠤᠳᠪᠦᠷᠢᠲᠦ ᠰᠠᠨᠠᠭᠠᠨ ᠢ᠋ ᠳᠣᠣᠷ᠎ᠠ ᠪᠠᠨ ᠪᠠᠬᠠᠨ ᠰᠠᠭᠠᠳᠠᠭᠤᠯᠤᠨ ᠤᠳᠠᠭᠠᠭᠰᠠᠨ ᠮᠡᠲᠦ ᠪᠣᠯᠪᠠᠴᠤ᠂ ᠤᠭ ᠰᠡᠳᠬᠢᠯ ᠦ᠋ᠨ ᠡᠭᠦᠳᠡᠨ ᠡᠴᠡ ᠥᠪᠡᠷᠴᠢᠯᠡᠯ ᠬᠣᠷᠣᠰᠤᠯ ᠢ᠋ ᠲᠦᠷ ᠬᠦᠯᠢᠴᠡᠨ ᠲᠡᠰᠪᠦᠷᠢᠯᠡᠨ ᠂ ᠶᠡᠬᠡ ᠮᠣᠩᠭᠣᠯ ᠤ᠋ᠨ ᠤᠯᠤᠰ ᠲᠥᠷᠥ ᠪᠡᠨ ᠰᠢᠨᠡᠬᠡᠨ ᠪᠠᠢᠭᠤᠯᠪᠠ᠂ ᠣᠯᠠᠨ ᠭᠠᠪᠢᠶᠠᠲᠠᠨ ᠤ᠋ ᠵᠢᠳᠬᠦᠯ ᠢ᠋ ᠬᠥᠬᠢᠭᠦᠯᠦᠨ ᠪᠦᠷᠢᠳᠬᠡᠬᠦᠢ ᠶ᠋ᠢᠨ ᠤᠷᠢᠳ ᠥᠪᠡᠷᠦᠨ ᠤᠭᠰᠠᠭ᠎ᠠ ᠶ᠋ᠢ ᠤᠷᠢᠳᠴᠢᠯᠠᠪᠠᠰᠤ᠂ ᠤᠯᠤᠰ ᠲᠥᠷᠥ ᠶ᠋ᠢᠨ ᠣᠯᠠᠨ ᠵᠢᠳᠭᠦᠯᠴᠢᠯᠡᠯ ᠦ᠋ᠨ ᠰᠡᠳᠬᠢᠯ ᠦ᠋ᠨ ᠰᠡᠪ ᠢ᠋ ᠠᠷᠢᠯᠭᠠᠬᠤᠶ᠎ᠠ ᠪᠡᠷᠬᠡ ᠬᠡᠮᠡᠭᠰᠡᠨ ᠢᠨᠦ ᠦᠨᠡᠬᠡᠷ ᠥᠨᠳᠥᠷ ᠢᠵᠠᠭᠤᠷᠲᠤ ᠪᠣᠷᠵᠢᠭᠢᠳ ᠠᠢᠮᠠᠭ ᠢ᠋ ᠭᠡᠷᠡᠯᠲᠦᠭᠦᠯᠵᠦᠬᠦᠢ᠃ ᠡᠳᠡᠭᠡᠷ ᠬᠣᠯᠠ ᠪᠣᠳᠣᠯᠭ᠎ᠠ ᠭᠦᠨ ᠰᠠᠨᠠᠭᠠᠲᠤ ᠨᠤᠲᠤᠭ ᠰᠠᠯᠠᠭ᠎ᠠ᠂ ᠰᠡᠴᠡᠳ ᠪᠠᠭᠠᠲᠤᠳ ᠪᠣᠢ ᠠᠲᠠᠯ᠎ᠠ᠂ ᠮᠡᠬᠦᠰ ᠪᠢ ᠳᠡᠯᠡᠬᠡᠢ ᠳ᠋ᠠᠬᠢᠨ ᠢ᠋ ᠪᠠᠢᠭᠤᠯᠤᠨ᠂ ᠤᠯᠤᠰ ᠠᠮᠢᠲᠠᠨ ᠢ᠋ ᠠᠮᠤᠭᠤᠯᠬᠤᠢ ᠳ᠋ᠤᠷ ᠶᠠᠮᠪᠠᠷ ᠰᠡᠳᠬᠢᠯ ᠵᠣᠪᠠᠬᠤ ᠭᠠᠵᠠᠷ ᠪᠣᠢ ᠠᠵᠠᠢ ? ᠮᠥᠨ ᠬᠦ᠌᠂ ᠳᠥᠷᠪᠡᠨ ᠲᠠᠢᠽᠢ ᠴᠢᠨ ᠸᠠᠩ ᠤ᠋ᠳ ᠯᠤᠭ᠎ᠠ ᠬᠤᠷᠢᠮᠯᠠᠨ᠂ ᠨᠠᠷᠢᠪᠴᠢᠯᠠᠨ ᠲᠠᠢᠯᠪᠤᠷᠢᠯᠠᠨ ᠤᠬᠠᠭᠤᠯᠤᠭᠲᠤᠨ 》ᠬᠡᠮᠡᠪᠡ ᠃
ᠵᠠᠭᠤᠨ ᠲᠦᠰᠢᠮᠡᠳ 《ᠲᠦᠮᠡᠨ ᠨᠠᠰᠤᠲᠤ 》ᠭᠡᠮᠡᠨ ᠮᠥᠷᠭᠥᠪᠡᠢ᠃ ᠵᠢᠴᠢ ᠪᠠᠰᠠ ᠪᠠᠷᠠᠭᠤᠨ ᠲᠥᠪᠡᠳ ᠦ᠋ᠨ ᠭᠦᠨᠯᠢᠩᠳᠣᠷᠵᠢ ᠬᠠᠭᠠᠨ ᠤ᠋ ᠪᠤᠷᠬᠠᠨ ᠤ᠋ ᠰᠤᠷᠭᠠᠭᠤᠯᠢ ᠶ᠋ᠢᠨ ᠲᠣᠢᠨ ᠯᠤᠽᠤᠤᠠ ᠠᠨᠠᠨᠳᠠ ᠺᠡᠷᠪᠢ ᠬᠡᠮᠡᠬᠦ ᠪᠯᠠᠮ᠎ᠠ ᠶ᠋ᠢᠨ ᠪᠡᠯᠡᠭ ᠬᠠᠳᠠᠭ ᠠᠳᠢᠰ ᠷᠢᠯᠦ ᠨᠣᠮ ᠲᠠᠷᠨᠢ ᠶ᠋ᠢᠨ ᠰᠡᠢᠭ ᠪᠢᠴᠢᠭ ᠦ᠋ᠨ ᠵᠦᠢᠯ ᠢ᠋ ᠳᠥᠷᠪᠡᠳ ᠦ᠋ᠨ ᠬᠠᠭᠠᠨ ᠢ᠋ᠶ᠋ᠠᠷ ᠤᠯᠠᠮᠵᠢᠯᠠᠨ ᠪᠠᠷᠢᠭᠤᠯᠤᠭᠰᠠᠨ ᠲᠠᠰᠢᠷᠠᠮᠠ᠂ ᠨᠣᠮ ᠤ᠋ᠨ ᠬᠠᠭᠠᠨ ᠤ᠋ ᠳᠥᠷᠪᠡᠨ ᠪᠠᠳᠠᠭ ᠤ᠋ᠨ ᠪᠡᠯᠡᠭᠲᠦ ᠨᠣᠮ ᠤ᠋ᠨ ᠦᠭᠡᠰ ᠢᠨᠤ᠄
ᠬᠦᠴᠦᠨ ᠬᠦᠷᠳᠦᠨ ᠢ᠋ ᠵᠡᠭᠡᠷ ᠨᠠᠩᠭᠢᠶᠠᠳ ᠲᠤᠷ ᠣᠷᠴᠢᠭᠤᠯᠤᠭᠴᠢ
ᠬᠥᠮᠦᠨ ᠦ᠌ ᠡᠷᠬᠡᠲᠦ ᠵᠢᠩᠭᠢᠷ ᠰᠤᠤᠲᠤ ᠪᠣᠭᠳᠠ᠃
ᠬᠥᠷ ᠶᠡᠬᠡ ᠭᠤᠷᠪᠠᠨ ᠵᠠᠭᠤᠨ ᠣᠪᠣᠭ ᠨᠠᠢᠮᠠᠭ ᠢ᠋ ᠡᠩᠵᠢᠭᠦᠯᠦᠨ
ᠬᠦᠰᠡᠯ ᠢ᠋ ᠬᠠᠩᠭᠠᠭᠴᠢ ᠳᠠᠯᠠᠨ ᠣᠨ ᠳᠤᠷᠪᠠᠨ ᠳᠤᠲᠠᠪᠠᠰᠤ᠂
ᠬᠥᠬᠡ ᠠᠭᠠᠷ ᠤ᠋ᠨ ᠰᠤᠲᠠᠷᠢᠰᠤᠨ ᠪᠠᠯᠭᠠᠰᠤᠨ᠎ᠠ ᠲᠡᠭᠷᠢ ᠡᠴᠢᠭᠡ ᠳ᠋ᠦ᠍ᠷ ᠪᠠᠷᠠᠭᠠᠯᠠᠨ
ᠬᠥᠭᠡᠷᠦᠬᠦᠢᠯᠡᠨ ᠦᠯᠡᠳᠡᠭᠡᠭᠰᠡᠨ ᠠᠯᠲᠠᠨ ᠤᠯᠤᠰ ᠲᠣᠭᠣᠰᠣᠨ ᠪᠣᠯᠵᠤ
ᠬᠦᠮᠦᠵᠢᠯᠲᠦ ᠬᠤᠪᠢᠯᠭᠠᠳᠠᠰᠤ ᠳᠥᠷᠪᠡᠨ ᠳᠠᠯᠠᠢ ᠣᠷᠣᠨ ᠰᠢᠷᠡᠭᠡ ᠪᠣᠯᠵᠤ᠂
ᠬᠥᠯᠭᠡ ᠶ᠋ᠢᠨ ᠡᠬᠢ ᠨᠢᠭᠡᠨ ᠵᠠᠭᠤᠨ ᠶᠡᠷᠡᠨ ᠲᠠᠪᠤᠨ ᠠ᠋ᠴᠠ ᠡᠬᠢᠯᠡᠮᠦᠢ᠃
ᠬᠡᠮᠡᠵᠦᠬᠦᠢ᠃ ᠲᠡᠷᠡ ᠳᠣᠣᠷ᠎ᠠ ᠪᠠᠨ ᠬᠡᠨ ᠴᠦ᠍ ᠪᠡᠷ ᠲᠠᠢᠯᠤᠨ ᠡᠰᠡ ᠣᠯᠪᠠᠴᠤ᠂ ᠰᠠᠢᠨ ᠪᠡᠯᠡᠭᠲᠦ ᠦᠭᠡᠰ ᠮᠢᠨᠦ ᠮᠡᠳᠡᠭᠳᠡᠵᠦ ᠪᠠᠢᠬᠤ ᠲᠤᠯᠠ᠂ ᠴᠢᠩᠭᠢᠰ ᠬᠠᠭᠠᠨ ᠵᠠᠷᠯᠢᠭ ᠪᠣᠯᠤᠷᠤᠨ :
《ᠡᠩ ᠥᠲᠡᠯ᠎ᠡ ᠶ᠋ᠢᠨ ᠤᠯᠠᠮᠵᠢᠯᠠᠯ ᠤ᠋ᠨ ᠴᠤᠤ ᠦᠭᠡᠰ ᠯᠢᠶᠣᠣ ᠤᠯᠤᠰ ᠲᠤᠷ ᠪᠤᠷᠠᠬᠠᠨ ᠤ᠋ ᠰᠤᠷᠭᠠᠯ ᠶᠡᠬᠡᠳᠡ ᠳᠡᠯᠭᠡᠷᠡᠭᠰᠡᠨ ᠢ᠋ᠶ᠋ᠡᠷ ᠯᠢᠶᠣᠣ ᠤᠯᠤᠰ ᠮᠥᠬᠥᠵᠦ᠂ ᠡᠳᠦᠭᠡ ᠳ᠋ᠦ᠍ᠷ ᠠᠯᠲᠠᠨ ᠤᠯᠤᠰ ᠲᠤᠷ ᠪᠣᠭᠳᠠ ᠶ᠋ᠢᠨ ᠰᠤᠷᠭᠠᠯ ᠬᠡᠲᠦᠷᠬᠡᠶ᠎ᠡ ᠬᠥᠭᠵᠢᠭᠰᠡᠨ ᠢ᠋ᠶ᠋ᠡᠷ ᠠᠯᠲᠠ ᠤᠯᠤᠰ ᠳᠣᠷᠣᠢᠲᠠᠪᠠ ᠬᠡᠮᠡᠬᠦ ᠢᠨᠤ᠂ ᠲᠡᠷᠰ ᠴᠥᠯᠠᠰ ᠦᠭᠡᠰ ᠪᠤᠶᠤ᠃ ᠪᠤᠷᠬᠠᠨ ᠬᠢᠭᠡᠳ ᠪᠣᠭᠳᠠ ᠶ᠋ᠢᠨ ᠶᠣᠰᠣ ᠰᠤᠷᠭᠠᠯ ᠤᠯᠤᠰ ᠭᠡᠷ ᠢ᠋ ᠮᠥᠬᠥᠭᠡᠬᠦ ᠬᠠᠤᠯᠢ ᠪᠣᠢ ᠤᠤ ? ᠪᠤᠷᠬᠠᠨ ᠪᠠ ᠪᠣᠭᠳᠠ ᠶ᠋ᠢᠨ ᠰᠤᠷᠭᠠᠯ ᠪᠠᠢᠭᠤᠯᠬᠤᠢ ᠶ᠋ᠢᠨ ᠤᠷᠢᠳ᠂ ᠮᠥᠬᠥᠵᠦ ᠪᠤᠰᠠᠨᠢᠭᠰᠠᠨ ᠤᠯᠤᠰ ᠳᠥᠷᠪᠡᠨ ᠳᠠᠯᠠᠢ ᠳ᠋ᠤᠷ ᠮᠠᠰᠢ ᠣᠯᠠᠨᠲᠠ ᠪᠣᠢ ᠠᠮᠤᠢ᠃ ᠲᠡᠷᠡ ᠪᠠᠰᠠ ᠶᠠᠭᠤᠨ ᠤ᠋ ᠰᠤᠷᠭᠠᠯ ᠠ᠋ᠴᠠ ᠭᠡᠮ ᠪᠣᠯᠤᠨ ᠤᠯᠤᠰ ᠲᠥᠷᠥ ᠮᠥᠬᠥᠭᠰᠡᠨ ᠠᠵᠠᠢ ? ᠪᠤᠷᠬᠠᠨ ᠬᠡᠮᠡᠭᠴᠢ ᠬᠦᠯᠢᠴᠡᠯ ᠢ᠋ ᠤᠭ ᠪᠣᠯᠭᠠᠵᠤ᠂ ᠪᠣᠭᠳᠠ ᠬᠡᠮᠡᠭᠴᠢ ᠲᠥᠪ ᠢ᠋ ᠰᠠᠬᠢᠯ ᠪᠣᠯᠭᠠᠵᠤᠬᠤᠢ᠃ ᠲᠥᠪ᠂ ᠬᠦᠯᠢᠴᠡᠯ ᠬᠡᠮᠡᠭᠴᠢ ᠴᠥᠮ ᠲᠡᠭᠷᠢ ᠶ᠋ᠢᠨ ᠲᠣᠭ᠎ᠠ ᠪᠠᠨ ᠬᠢᠴᠢᠶᠡᠨ ᠳᠠᠭᠠᠭᠰᠠᠨ ᠰᠠᠢᠨ ᠬᠥᠮᠦᠨ ᠮᠡᠷᠭᠡᠨ ᠲᠥᠷᠥᠯᠬᠢᠲᠡᠨ ᠦ᠌ ᠴᠢᠬᠡ ᠶᠠᠪᠤᠳᠠᠯ ᠪᠥᠭᠡᠲᠡᠯ᠎ᠡ ᠤᠯᠤᠰ ᠲᠥᠷᠥ ᠳ᠋ᠦ᠍ᠷ ᠬᠠᠷᠰᠢᠯ ᠪᠣᠯᠬᠤ ᠶᠣᠰᠣ ᠪᠣᠢ ᠤᠤ ? ᠲᠡᠢᠮᠦ ᠶ᠋ᠢᠨ ᠲᠤᠯᠠ ᠪᠣᠳᠣᠨ᠎ᠠ ᠠᠢᠮᠠᠭ ᠤ᠋ᠨ ᠡᠵᠡᠨ ᠢᠯᠠᠭᠤᠭᠰᠠᠨ ᠤᠭ ᠠ᠋ᠴᠠ ᠯᠢᠶᠣᠣ ᠤᠯᠤᠰ ᠤ᠋ᠨ ᠬᠥᠮᠦᠨ ᠲᠤᠯᠠ ᠪᠤᠷᠬᠠᠨ ᠤ᠋ ᠰᠤᠷᠭᠠᠯ ᠤ᠋ᠨ ᠤᠴᠢᠷ ᠰᠢᠯᠲᠠᠭᠠᠨ ᠢ᠋ ᠮᠡᠳᠡᠬᠦᠢ ᠶ᠋ᠢᠨ ᠲᠤᠯᠠ ᠲᠥᠪᠡᠳ ᠪᠠ ᠪᠠᠯᠪᠤ ᠬᠣᠶᠠᠷ ᠤᠯᠤᠰ ᠤ᠋ᠨ ᠬᠠᠳ ᠤ᠋ᠨ ᠬᠠᠷᠢᠭᠤ ᠲᠠᠯ᠎ᠠ ᠶ᠋ᠢ ᠬᠦᠷᠭᠡᠷ᠎ᠡ ᠡᠴᠢᠬᠦᠢ ᠳ᠋ᠦ᠍ᠷ ᠠᠩᠭᠢᠳᠠ ᠠᠷᠪᠠᠨ ᠵᠢᠷᠭᠤᠭᠠᠨ ᠠᠴᠢᠶ᠎ᠠ ᠮᠥᠩᠭᠥ ᠠᠪᠠᠴᠢᠵᠤ᠂ ᠯᠤᠽᠤᠸᠠ ᠠᠨᠡᠨᠳᠠ ᠺᠡᠷᠪᠢ ᠠᠷᠰᠢ ᠲᠣᠢᠨ ᠳ᠋ᠤᠷ ᠪᠠᠷᠢᠵᠤ᠂ ᠳᠡᠭᠦᠨᠦ ᠠᠭᠤᠢ ᠠᠭᠯᠠᠭ ᠤ᠋ᠨ ᠡᠮᠦᠨ᠎ᠡ᠂ ᠡᠮᠦᠨᠡᠰᠢ ᠬᠠᠨᠳᠤᠭᠤᠯᠤᠨ《ᠳᠠᠯᠠᠢ ᠳᠠᠭᠤᠷᠢᠰᠤᠭᠴᠢ 》ᠨᠡᠷᠡᠲᠦ ᠬᠡᠢᠳ ᠰᠦᠮ᠎ᠡ ᠪᠠᠢᠭᠤᠯᠤᠨ ᠳᠣᠲᠣᠷ᠎ᠠ ᠠᠨᠤ ᠠᠷᠢᠭᠤᠨ ᠱᠠᠭᠱᠠᠪᠠᠳᠳᠤ ᠠᠷᠪᠠᠨ ᠵᠢᠷᠭᠤᠭᠠᠨ ᠪᠠᠲᠤᠳᠠ ᠠᠭᠴᠢ ᠠᠷᡁᠠᠳ ᠤ᠋ᠨ ᠲᠣᠭ᠎ᠠ ᠪᠠᠷ ᠱᠠᠰᠢᠨ ᠤ᠋ ᠰᠠᠨᠸᠠᠷ ᠱᠠᠭᠱᠠᠪᠠᠳ ᠢ᠋ ᠰᠠᠬᠢᠭᠤᠯᠤᠨ᠂ ᠰᠠᠢᠨ ᠨᠣᠮ ᠢ᠋ ᠰᠡᠳᠬᠢᠭᠦᠯᠦᠨ᠂ ᠮᠡᠬᠦᠰ ᠮᠢᠨᠦ ᠶᠣᠰᠣ ᠰᠣᠶᠣᠯ ᠳᠥᠷᠪᠡᠨ ᠳᠠᠯᠠᠢ ᠳ᠋ᠤᠷ ᠠᠯᠳᠠᠷᠰᠢᠨ ᠵᠠᠷᠯᠠᠭᠳᠠᠵᠤ᠂ ᠣᠯᠠᠨ ᠠᠮᠢᠲᠠᠨ ᠠᠮᠤᠵᠢᠨ ᠡᠩᠵᠢᠬᠦᠢ ᠶ᠋ᠢᠨ ᠰᠠᠢᠨ ᠦᠢᠯᠡ ᠶ᠋ᠢ ᠪᠦᠲᠦᠭᠡᠯᠭᠡᠭᠲᠦᠨ᠃ ᠮᠢᠨᠦ ᠡᠨᠳᠡᠴᠡ ᠭᠤᠷᠪᠠᠨ ᠵᠢᠯ ᠦ᠋ᠨ ᠡᠴᠦᠰ ᠨᠢᠭᠡᠨ ᠤᠳᠠᠭ᠎ᠠ ᠡᠯᠴᠢ ᠲᠦᠰᠢᠮᠡᠯ ᠢ᠋ᠶ᠋ᠡᠷ ᠰᠠᠢᠨ ᠦᠢᠯᠡᠰ ᠦ᠋ᠨ ᠪᠡᠯᠡᠭ ᠪᠠᠷᠢᠴᠠ ᠰᠦᠢᠳᠬᠡᠯ ᠬᠦᠨᠡᠰᠦᠨ ᠦ᠌ ᠮᠥᠩᠭᠥ ᠶ᠋ᠢ ᠬᠦᠷᠭᠡᠭᠦᠯᠰᠦᠭᠡᠢ᠃ ᠡᠷᠲᠡᠨ ᠦ᠌ ᠳᠠᠩ ᠤᠯᠤᠰ ᠤ᠋ᠨ ᠲᠠᠢᠽᠦᠢ᠍ᠩ ᠬᠠᠭᠠᠨ ᠯᠢ ᠱᠢ ᠮᠢᠨ ᠮᠥᠨ ᠬᠦ᠌ ᠪᠤᠷᠬᠠᠨ ᠤ᠋ ᠠᠷᠪᠠᠨ ᠵᠢᠷᠭᠤᠭᠠᠨ ᠪᠠᠲᠤᠳᠠ ᠠᠭᠴᠢ ᠠᠷᡁᠠᠳ ᠠᠷᠰᠢ ᠶ᠋ᠢ ᠤᠷᠢᠨ ᠵᠠᠯᠠᠵᠤ ᠰᠠᠢᠨ ᠦᠢᠯᠡ ᠶ᠋ᠢ ᠰᠡᠳᠬᠢᠭᠰᠡᠨ ᠬᠠᠭᠤᠴᠢᠨ ᠬᠠᠤᠯᠢ᠂ ᠲᠡᠷᠡ ᠦᠶ᠎ᠡ ᠶ᠋ᠢᠨ ᠲᠥᠪᠡᠳ ᠤᠯᠤᠰ ᠤ᠋ᠨ ᠡᠵᠡᠨ᠂ ᠰᠤᠷᠤᠩᠽᠠᠨᠭᠠᠮᠪᠤ ᠬᠠᠭᠠᠨ ᠤ᠋ ᠲᠡᠦᠬᠡ ᠳᠠᠩᠰᠠᠨ᠎ᠠ ᠪᠠᠢᠭᠰᠠᠭᠠᠷ ᠠᠨᠤ ᠪᠤᠶᠤ》ᠭᠡᠮᠡᠨ ᠳᠥᠷᠪᠡᠨ ᠪᠠᠭ᠎ᠠ ᠵᠠᠩᠵᠤᠨ ᠬᠢᠭᠡᠳ ᠨᠢᠭᠡᠨ ᠵᠠᠭᠤᠨ ᠵᠢᠷᠠᠨ ᠴᠡᠷᠢᠭ ᠬᠤᠶᠠᠭ ᠪᠥᠯᠴᠢᠨ ᠬᠥᠲᠥᠴᠢ ᠲᠡᠢ ᠮᠣᠷᠳᠠᠭᠤᠯᠪᠠᠢ᠃ ᠡᠨᠡ ᠨᠢᠭᠡᠨ ᠬᠡᠷᠡᠭ ᠢ᠋ ᠬᠠᠭᠤᠴᠢᠨ 《ᠬᠥᠬᠡ ᠰᠤᠳᠤᠷ᠎ᠠ 》᠂ ᠬᠥᠮᠦᠨ ᠦ᠌ ᠡᠷᠬᠡᠲᠦ ᠬᠦᠴᠦᠨ ᠬᠦᠷᠳᠦᠨ ᠦ᠌ ᠣᠷᠴᠢᠭᠤᠯᠤᠭᠴᠢ᠂ ᠰᠤᠤᠲᠤ ᠪᠣᠭᠳᠠ ᠵᠢᠩᠭᠢᠷ ᠬᠠᠭᠠᠨ ᠡᠩ ᠲᠡᠷᠢᠭᠦᠨ ᠪᠤᠷᠬᠠᠨ ᠪᠠᠭᠰᠢ ᠶ᠋ᠢᠨ ᠵᠥᠪ ᠰᠤᠷᠭᠠᠯ ᠢ᠋ ᠬᠥᠭᠵᠢᠭᠦᠯᠪᠡ ᠭᠡᠮᠡᠨ ᠪᠠᠰᠠ ᠨᠢᠭᠡᠨ ᠭᠠᠪᠢᠶ᠎ᠠ ᠢᠯᠭᠤᠮ ᠳ᠋ᠤᠷ ᠣᠷᠣᠭᠤᠯᠵᠤ ᠲᠣᠭᠠᠴᠢᠨ ᠠᠮᠤᠢ᠃
ᠲᠡᠨᠳᠡᠴᠡ ᠰᠠᠢᠬᠠᠨ ᠰᠤᠷᠲᠠᠯᠲᠤ 《ᠲᠥᠷᠥ ᠳ᠋ᠦ᠍ᠷ ᠬᠡᠷᠡᠭ ᠪᠠᠢᠪᠠᠰᠤ ᠠᠢᠯᠠᠳᠬ᠎ᠠ᠂ ᠬᠡᠷᠡᠭ ᠦᠭᠡᠢ ᠪᠥᠭᠡᠰᠦ ᠪᠣᠭᠳᠠ ᠡᠵᠡᠨ ᠣᠷᠳᠣᠨ᠎ᠠ ᠡᠭᠡᠮᠦᠢ 》ᠭᠡᠮᠡᠨ ᠳᠠᠭᠤᠳᠠᠲᠠᠯ᠎ᠠ᠂ ᠥᠪᠡᠷᠦᠨ ᠭᠡᠷ ᠦ᠋ᠨ ᠤᠭᠰᠠᠭ᠎ᠠ ᠶ᠋ᠢᠨ ᠨᠣᠶᠠᠳ ᠤ᠋ᠨ ᠰᠦᠷᠦᠭ ᠡᠴᠡ ᠬᠠᠭᠠᠨ ᠤ᠋ ᠳᠡᠭᠦᠦ᠂ ᠬᠠᠰᠠᠷ ᠪᠡᠯᠭᠦᠳᠡᠢ ᠬᠣᠶᠠᠷ ᠴᠢᠨ ᠸᠠᠩ᠂ ᠨᠢᠭᠡᠨ ᠵᠡᠷᠭᠡ ᠭᠤᠷᠪᠠᠨ ᠲᠠᠢᠽᠢ ᠬᠥᠪᠡᠭᠦᠨ ᠢ᠋ ᠠᠪᠤᠨ ᠭᠠᠷᠴᠤ ᠰᠥᠭᠥᠳᠪᠡ᠃ ᠭᠤᠷᠪᠠᠨ ᠬᠥᠪᠡᠭᠦᠨ ᠦ᠌ ᠬᠠᠮᠤᠭ ᠤ᠋ᠨ ᠳᠡᠭᠡᠷ᠎ᠡ ᠰᠥᠭᠥᠳᠦᠭᠰᠡᠨ ᠢᠨᠦ ᠬᠠᠭᠠᠨ ᠤ᠋ ᠳᠥᠷᠪᠡᠳᠦᠭᠡᠷ ᠳᠡᠭᠦᠦ ᠵᠢᠶᠦ᠋ᠨ ᠸᠠᠩ ᠣᠢᠲᠤ ᠸᠴᠢᠷ ᠦ᠋ᠨ ᠶᠡᠬᠡ ᠬᠥᠪᠡᠭᠦᠨ᠂ ᠨᠡᠷ᠎ᠡ ᠡᠷᠳᠡᠨᠢ ᠰᠠᠷᠠᠨ᠂ ᠳᠡᠳ᠋ ᠲᠣᠷ ᠡᠷᠳᠡᠨᠢ ᠰᠠᠷᠠᠨ ᠤ᠋ ᠳᠡᠭᠦᠦ ᠠᠷᠪᠠᠨ ᠭᠤᠷᠪᠠᠨ ᠨᠠᠰᠤᠲᠠᠢ ᠶᠡᠬᠡ ᠨᠡᠷ᠎ᠡ ᠬᠠᠢᠷᠠᠯᠠᠭᠠᠳᠤᠢ᠂ ᠭᠤᠲᠠᠭᠠᠷ ᠲᠤᠷ ᠰᠥᠭᠥᠳᠦᠭᠰᠡᠨ ᠢᠨᠤ ᠬᠠᠭᠠᠨ ᠤ᠋ ᠲᠠᠪᠤᠳᠤᠭᠠᠷ ᠳᠡᠭᠦᠦ ᠵᠢᠶᠦ᠋ᠨ ᠸᠠᠩ ᠤᠷᠠᠨ ᠬᠠᠴᠤᠭ ᠤ᠋ᠨ ᠭᠠᠭᠴᠠ ᠬᠥᠪᠡᠭᠦᠨ᠂ ᠡᠨᠡ ᠵᠢᠯ ᠪᠠᠰᠠ ᠠᠷᠪᠠᠨ ᠭᠤᠷᠪᠠᠨ ᠨᠠᠰᠤᠲᠠᠢ᠂ ᠮᠥᠨ ᠬᠦ᠌ ᠶᠡᠬᠡ ᠨᠡᠷ᠎ᠡ ᠬᠠᠢᠷᠠᠯᠠᠭᠠᠳᠤᠢ ᠲᠤᠯᠠ ᠬᠠᠰᠠᠷ ᠪᠡᠯᠭᠦᠳᠡᠢ ᠬᠣᠶᠠᠷ ᠴᠢᠨ ᠸᠠᠩ ᠰᠥᠭᠥᠳᠦᠭᠰᠡᠭᠡᠷ ᠠᠢᠯᠠᠳᠬᠠᠷᠤᠨ :
《ᠡᠨᠡ ᠬᠣᠶᠠᠷ ᠬᠥ᠋ᠪᠡᠭᠦᠨᠡ ᠬᠠᠭᠠᠨ ᠡᠵᠡᠨ ᠶᠡᠬᠡ ᠨᠡᠷ᠎ᠡ ᠶ᠋ᠢ ᠬᠠᠢᠷᠠᠯᠠᠨ᠂ ᠭᠤᠷᠪᠠᠨ ᠬᠦᠪᠡᠭᠦᠨᠡ ᠪᠡᠷᠢ ᠶ᠋ᠢ ᠢᠨᠤ ᠵᠠᠷᠯᠢᠭ ᠢ᠋ᠶ᠋ᠠᠷ ᠵᠢᠭᠠᠨ ᠲᠣᠭᠲᠠᠭᠠᠵᠤ ᠬᠠᠢᠷᠠᠯᠠᠬᠤ ᠠᠵᠢᠶᠮᠤ!》 ᠬᠡᠮᠡᠭᠰᠡᠨ᠎ᠡ ᠬᠠᠭᠠᠨ ᠡᠵᠡᠨ ᠬᠠᠷᠠᠬᠠᠨ ᠪᠡᠶᠡᠰᠦᠨ ᠵᠠᠷᠯᠢᠭ ᠪᠣᠯᠤᠷᠤᠨ : 《ᠬᠠᠷᠠᠬᠠᠨ ᠪᠢᠳᠡᠨ ᠦ᠌ ᠮᠣᠩᠭᠣᠯ ᠤᠯᠤᠰ ᠤ᠋ᠨ ᠨᠡᠷ᠎ᠡ ᠰᠢᠨᠡᠬᠡᠨ ᠲᠣᠭᠲᠠᠭᠰᠠᠨᠠ ᠲᠣᠬᠢᠶᠠᠯᠳᠤᠭᠰᠠᠨ ᠤ᠋ ᠲᠤᠯᠠᠳᠠ᠂ ᠡᠷᠳᠡᠨᠢ ᠰᠠᠷᠠᠨ ᠤ᠋ ᠳᠡᠭᠦᠦ ᠶ᠋ᠢᠨ ᠨᠡᠷ᠎ᠡ ᠶ᠋ᠢ ᠮᠣᠩᠭᠣᠯ ᠰᠠᠢᠵᠢᠷᠠ ᠭᠡᠮᠡᠨ ᠥᠭ᠃ ᠲᠠᠪᠤᠳᠤᠭᠠᠷ ᠳᠡᠭᠦᠦ ᠸᠠᠩ ᠤ᠋ᠨ ᠡᠨᠡ ᠭᠠᠭᠴᠠ ᠬᠥᠪᠡᠭᠦᠨ ᠳ᠋ᠦ᠍ᠷ ᠮᠣᠩᠭᠣᠯ ᠪᠦᠬᠦ ᠬᠡᠮᠡᠬᠦ ᠨᠡᠷ᠎ᠡ ᠥᠭ᠃ ᠪᠥᠬᠡ ᠪᠡᠬᠢ ᠶ᠋ᠢ ᠬᠠᠭᠤᠴᠢᠨ ᠮᠣᠩᠭᠣᠯ ᠦᠰᠦᠭ ᠲᠣᠷ ᠴᠥᠮ ᠪᠦᠬᠦ ᠬᠡᠮᠡᠮᠦᠢ᠃ ᠵᠢᠴᠢ ᠡᠨᠡ ᠭᠤᠷᠪᠠᠨ ᠬᠥᠪᠡᠭᠦᠳ ᠦ᠋ᠨ ᠪᠡᠷᠢ ᠶ᠋ᠢ ᠰᠣᠩᠭᠣᠬᠤ ᠶ᠋ᠢ ᠮᠥᠨ ᠬᠦ᠌ ᠳᠣᠲᠣᠭᠠᠳᠤ ᠭᠡᠷᠡᠯᠲᠦ ᠶᠡᠬᠡᠮᠰᠦᠭ ᠬᠤᠸᠠᠩᠬᠡᠦ ᠳ᠋ᠦ᠍ᠷ ᠠᠢᠯᠠᠳᠬᠠᠵᠤ᠂ ᠬᠤᠸᠠᠩᠬᠡᠦ ᠶᠢᠰᠦᠨ ᠡᠩ ᠦ᠋ᠨ ᠭᠠᠪᠢᠶᠠᠲᠤ ᠤᠳᠤᠮᠲᠤ ᠰᠠᠢᠳ ᠤ᠋ᠳ ᠤ᠋ᠨ ᠥᠬᠢᠳ ᠡᠴᠡ ᠨᠢᠳᠦ ᠪᠡᠷ ᠦᠵᠡᠨ ᠰᠣᠩᠭᠣᠭᠤᠯᠵᠤ᠂ ᠡᠬᠡ ᠲᠠᠢᠬᠡᠦ ᠳ᠋ᠦ᠍ᠷ ᠠᠢᠯᠠᠳᠬᠠᠨ ᠵᠢᠭᠠᠵᠤ ᠲᠣᠭᠲᠠᠭᠠᠯᠭᠠ ᠃ ᠵᠢᠴᠢ ᠪᠠᠰᠠ ᠭᠤᠷᠪᠠᠳᠤᠭᠠᠷ ᠳᠡᠭᠦᠦ ᠬᠠᠰᠠᠷ ᠴᠢᠨ ᠸᠠᠩ ᠤ᠋ᠨ ᠶᠡᠬᠡ ᠥᠬᠢᠨ ᠮᠡᠷᠭᠡᠨ ᠰᠡᠴᠡᠭᠦᠨ ᠪᠦᠸᠸᠵᠦ ᠬᠡᠦᠬᠡᠨ ᠦ᠌ ᠨᠠᠰᠤ ᠪᠠᠰᠠ ᠠᠷᠪᠠᠨ ᠵᠢᠷᠭᠤᠭ᠎ᠠ ᠬᠦᠷᠦᠭᠰᠡᠨ ᠲᠤᠯᠠ᠂ ᠤᠯᠤᠰ ᠤ᠋ᠨ ᠠᠤᠭ᠎ᠠ ᠬᠦᠷᠭᠡᠨ ᠠᠬ᠎ᠠ ᠲᠠᠪᠤᠨᠠᠩ ᠹᠦᠮᠠ ᠪᠣᠳᠣ ᠶ᠋ᠢᠨ ᠲᠥᠷᠥ ᠶ᠋ᠢᠨ ᠭᠦᠩᠵᠦ ᠶ᠋ᠢᠨ ᠪᠡᠶ᠎ᠡ ᠡᠴᠡ ᠰᠢᠮᠡᠳᠦᠭᠰᠡᠨ ᠤᠯᠤᠰ ᠤ᠋ᠨ ᠵᠢᠭᠡ ᠨᠠᠨᠽᠠᠷ ᠢ᠋ ᠬᠤᠸᠠᠩᠬᠡᠦ ᠳ᠋ᠦ᠍ᠷ ᠪᠠᠷᠠᠭᠠᠯᠠᠭᠤᠯᠤᠨ᠂ ᠮᠡᠷᠭᠡᠨ ᠰᠡᠴᠡᠭᠦᠨ ᠪᠦᠸᠸᠵᠦ ᠳ᠋ᠦ᠍ᠷ ᠬᠣᠯᠪᠣᠬᠤ ᠪᠠᠷ ᠲᠣᠭᠲᠠᠭᠠᠯᠭᠠ᠃ ᠵᠤᠯᠠ ᠲᠠᠪᠤᠨᠠᠩ ᠤ᠋ᠨ ᠴᠡᠷᠢᠭ ᠦ᠋ᠨ ᠭᠠᠪᠢᠶ᠎ᠠ ᠳ᠋ᠤᠷ ᠳᠠᠪᠬᠤᠷᠯᠠᠨ ᠤᠷᠤᠭ ᠪᠠᠷᠢᠨ ᠬᠦᠷᠲᠡᠭᠡᠬᠦ ᠶ᠋ᠢ ᠮᠥᠨ ᠬᠦ᠌ ᠬᠤᠸᠠᠩᠬᠡᠦ ᠪᠡᠷ ᠤᠯᠠᠮᠵᠢᠯᠠᠭᠤᠯᠤᠨ ᠡᠬᠡ ᠲᠠᠢᠬᠡᠦ ᠳ᠋ᠦ᠍ᠷ ᠠᠢᠯᠠᠳᠬᠠᠯᠭᠠᠨ ᠲᠣᠭᠲᠠᠭᠠᠯᠭᠠ᠃ ᠡᠷᠲᠡᠨ ᠦ᠌ ᠦᠯᠦᠭ ᠦᠭᠡᠰ ᠲᠣᠷ <ᠨᠠᠭᠠᠴᠤ ᠨᠠᠷ ᠠ᠋ᠴᠠ ᠪᠡᠷᠢ ᠠᠪᠤᠪᠡᠰᠤ᠂ ᠨᠠᠷᠠᠨ ᠳᠠᠬᠢᠨ ᠮᠠᠨᠳᠤᠭᠰᠠᠨ ᠮᠡᠲᠦ ᠬᠡᠮᠡᠭᠰᠡᠨ ᠢ᠋ ᠡᠰᠡᠨ ᠮᠡᠳᠡᠪᠡ ᠤᠤ ?> ᠬᠡᠮᠡᠭᠰᠡᠨ᠎ᠡ᠂ ᠬᠡᠳᠦᠨ ᠡᠲᠡᠭᠡᠳ ᠡᠴᠡ ᠬᠠᠭᠠᠨ ᠤ᠋ ᠬᠠᠰ ᠵᠠᠷᠯᠢᠭ ᠢ᠋ᠶ᠋ᠠᠷ ᠨᠡᠷ᠎ᠡ ᠬᠠᠢᠷᠠᠯᠠᠨ᠂ ᠪᠠᠰᠠ ᠤᠷᠤᠭ ᠵᠢᠭᠠᠭᠰᠠᠨ ᠪᠣᠭᠳᠠ ᠶ᠋ᠢᠨ ᠳᠣᠲᠣᠨ᠎ᠠ ᠥᠷᠥᠰᠢᠶᠡᠯ ᠦ᠋ᠨ ᠬᠡᠰᠢᠭ ᠲᠣᠷ ᠪᠠᠭ ᠢ᠋ᠶ᠋ᠠᠷ ᠣᠷᠣᠯᠴᠠᠨ ᠬᠡᠰᠢᠭ ᠲᠣᠷ ᠮᠥᠷᠭᠥᠲᠡᠯ᠎ᠡ᠂ ᠳᠠᠷᠠᠭ᠎ᠠ ᠪᠠᠷ ᠤᠯᠤᠰ ᠤ᠋ᠨ ᠦᠨᠳᠦᠰᠦᠨ ᠨᠠᠭᠠᠴᠤ᠂ ᠥᠷᠯᠥᠭ ᠨᠣᠶᠠᠨ ᠯᠢᠳᠡᠷ ᠰᠡᠴᠡᠨ᠂ ᠬᠣᠶᠠᠷ ᠥᠲᠡᠭᠦᠰ ᠲᠠᠢᠰᠢ ᠲᠠᠢ ᠴᠢᠩ ᠲᠠᠢᠬᠡᠦ ᠶ᠋ᠢᠨ ᠵᠠᠷᠯᠢᠭ ᠢ ᠪᠠᠷᠢᠨ ᠢᠷᠡᠵᠦ᠂ ᠪᠣᠭᠳᠠ ᠡᠵᠡᠨ ᠬᠠᠭᠠᠨ ᠲᠡᠷᠢᠭᠦᠯᠡᠨ᠂ ᠬᠠᠮᠤᠭ ᠶᠡᠬᠡᠰ ᠰᠠᠢᠳ ᠪᠦᠬᠦᠨ ᠢ᠋ ᠠᠪᠴᠤ᠂ ᠦᠯᠡᠭᠦᠦ ᠢᠷᠦᠭᠡᠯᠲᠦ ᠲᠠᠢᠬᠡᠦ ᠶ᠋ᠢᠨ ᠲᠥᠷᠥ ᠳ᠋ᠦ᠍ᠷ ᠭᠠᠷ ᠭᠡᠮᠡᠨ ᠵᠠᠯᠠᠭᠰᠠᠨ ᠳ᠋ᠤᠷ ᠲᠠᠢᠽᠦ ᠴᠢᠩᠭᠢᠰ ᠬᠠᠭᠠᠨ ᠲᠡᠷᠢᠭᠦᠯᠡᠨ ᠬᠠᠮᠤᠭ ᠨᠣᠶᠠᠳ ᠬᠣᠲᠠᠯᠠᠭᠠᠷ ᠲᠦᠰᠢᠮᠡᠳ ᠪᠠ ᠳᠣᠲᠣᠭᠠᠳᠤ ᠬᠤᠸᠠᠩᠬᠡᠦ ᠡᠵᠡᠨ ᠲᠡᠷᠢᠭᠦᠯᠡᠨ ᠬᠠᠮᠤᠭ ᠬᠠᠲᠤᠳ᠂ ᠭᠦᠩᠵᠦ᠂ ᠸᠠᠩ ᠹᠧᠢ᠂ ᠪᠦᠸᠸᠵᠤ ᠨᠠᠷ᠂ ᠲᠠᠢᠬᠡᠦ ᠶ᠋ᠢᠨ ᠲᠥᠷᠥ ᠳ᠋ᠦ᠍ᠷ ᠳᠣᠲᠣᠷ᠎ᠠ ᠭᠠᠳᠠᠨ᠎ᠠ ᠬᠠᠯᠬᠠᠪᠴᠢ ᠭᠡᠰᠡᠭᠦᠷ ᠲᠠᠲᠠᠵᠤ ᠬᠣᠶᠠᠷ ᠠᠩᠭᠢᠯᠠᠨ᠂ ᠣᠳᠣᠳ ᠤ᠋ᠨ ᠴᠢᠭᠤᠯᠭᠠᠨ ᠡᠭᠦᠯᠡᠰ ᠦ᠋ᠨ ᠬᠤᠷᠠᠯ ᠮᠡᠲᠦ ᠫᠢᠭ ᠳᠦᠭᠦᠷᠲᠡᠯ᠎ᠡ ᠬᠤᠷᠠᠯᠳᠤᠨ ᠴᠢᠭᠤᠯᠤᠯᠳᠤᠵᠤ ᠂ ᠬᠠᠭᠠᠨ ᠪᠠ ᠬᠤᠸᠠᠩᠬᠡᠦ ᠶ᠋ᠢᠨ ᠦᠵᠦᠭ ᠰᠠᠮᠪᠠᠷ᠎ᠠ ᠪᠠᠷᠢᠭᠴᠢ ᠡᠷ᠎ᠡ ᠬᠢᠭᠡᠳ ᠡᠬᠡᠨᠡᠷ ᠰᠠᠢᠳ ᠤ᠋ᠳ ᠢ᠋ ᠲᠠᠢᠬᠡᠦ ᠶ᠋ᠢᠨ ᠯᠤᠤ ᠶ᠋ᠢᠨ ᠰᠢᠷᠡᠭᠡᠨ ᠦ᠌ ᠰᠢᠳᠡᠷ᠎ᠡ ᠣᠢᠷᠠᠯᠴᠠᠭ᠎ᠠ ᠰᠥᠭᠥᠳᠬᠡᠵᠦ᠂ ᠲᠠᠢᠬᠡᠦ ᠶ᠋ᠢᠨ ᠪᠡᠶ᠎ᠡ ᠳ᠋ᠦ᠍ᠷ ᠰᠠᠢᠨ ᠪᠡᠯᠡᠭᠲᠦ ᠬᠠᠷᠠᠩᠭᠤᠢ ᠪᠣᠷᠣ ᠥᠩᠭᠡᠲᠦ ᠯᠤᠤ ᠶ᠋ᠢᠨ ᠬᠤᠪᠴᠠᠳ᠂ ᠰᠤᠪᠤᠳ ᠤ᠋ᠨ ᠡᠷᠢᠭᠡ ᠶᠢᠰᠦᠨ ᠺᠠᠷᠣᠳᠢ ᠶ᠋ᠢᠨ ᠬᠠᠳᠠᠮᠠᠯ ᠬᠠᠲᠠᠭᠰᠠᠨ ᠴᠠᠷᠪᠠᠭᠳᠤ ᠮᠠᠯᠠᠭ᠎ᠠ ᠡᠮᠦᠰᠴᠦ᠂ ᠳᠡᠭᠡᠷ᠎ᠡ ᠡᠲᠡᠭᠡᠳ ᠪᠠᠳᠠᠷᠠᠩᠭᠤᠢ ᠴᠠᠭᠠᠨ ᠰᠦᠯᠳᠡ ᠲᠡᠭᠷᠢ ᠶ᠋ᠢᠨ ᠬᠥᠷᠥᠭ ᠢ᠋ ᠳᠠᠬᠢᠵᠤ᠂ ᠶᠡᠬᠡ ᠲᠠᠬᠢᠯ ᠤ᠋ᠨ ᠰᠢᠷᠡᠭᠡᠨ ᠦ᠌ ᠡᠮᠦᠨ᠎ᠡ ᠪᠠᠰᠠ ᠨᠢᠭᠡᠨ ᠳᠠᠪᠬᠤᠷ ᠤ᠋ᠨ ᠲᠠᠬᠢᠯ ᠤ᠋ᠨ ᠰᠢᠷᠡᠭᠡᠨ ᠤ ᠳᠡᠭᠡᠷ᠎ᠡ ᠳᠡᠭᠡᠭᠰᠢ ᠬᠤᠷᠪᠠᠨ ᠦᠶ᠎ᠡ ᠶ᠋ᠢᠨ ᠠᠯᠲᠠᠨ ᠦᠰᠦᠭ ᠦ᠋ᠨ ᠨᠡᠷ᠎ᠡ ᠶ᠋ᠢᠨ ᠰᠠᠭᠤᠷᠢ – ᠬᠠᠪᠤᠯ ᠬᠠᠭᠠᠨ᠂ ᠪᠠᠷᠳᠠᠮ ᠪᠠᠭᠠᠲᠤᠷ᠂ ᠶᠢᠰᠦᠭᠡᠢ ᠪᠠᠭᠠᠲᠤᠷ ᠭᠤᠷᠪᠠᠨ ᠤ᠋ ᠮᠠᠯᠠᠭ᠎ᠠ ᠳᠡᠪᠡᠯ᠂ ᠬᠤᠶᠠᠨ ᠳᠤᠭᠤᠯᠠᠭ᠎ᠠ᠂ ᠰᠠᠭᠠᠳᠠᠭ ᠬᠣᠷᠣᠮᠰᠠᠭ᠎ᠠ᠂ ᠵᠠᠷ ᠵᠡᠪᠰᠡᠭ᠂ ᠡᠮᠡᠭᠡᠯ ᠬᠠᠵᠠᠭᠠᠷ ᠢ᠋ ᠭᠤᠷᠪᠠᠨ ᠳᠡᠰ ᠢ᠋ᠶ᠋ᠡᠷ ᠳᠡᠰᠯᠡᠭᠦᠯᠦᠨ ᠵᠡᠷᠭᠡᠯᠡᠭᠦᠯᠦᠨ ᠳᠠᠬᠢᠵᠤ᠂ ᠦᠯᠡᠭᠦᠦ ᠢᠷᠦᠭᠡᠯᠲᠦ ᠲᠠᠢᠬᠡᠦ᠂ ᠬᠠᠭᠠᠨ ᠬᠥᠪᠡᠭᠦᠨ᠂ ᠬᠤᠸᠠᠩᠬᠡᠦ ᠪᠡᠷᠢ ᠪᠡᠨ ᠠᠪᠴᠤ ᠥᠪᠡᠷ ᠦ᠋ᠨ ᠭᠠᠷ ᠢ᠋ᠶ᠋ᠠᠷ ᠬᠦᠵᠢ ᠵᠤᠯᠠ᠂ ᠭᠬᠢᠪ ᠬᠠᠳᠠᠭ᠂ ᠴᠠᠢ ᠰᠠᠷᠬᠤᠳ᠂ ᠰᠦᠨ ᠴᠠᠭ᠎ᠠ ᠶ᠋ᠢ ᠡᠷᠭᠦᠨ ᠳᠠᠬᠢᠵᠤ ᠲᠥᠷᠥ ᠶ᠋ᠢᠨ ᠬᠣᠲᠠᠯᠠᠭᠠᠷ ᠢ᠋ ᠠᠪᠴᠤ ᠂ ᠭᠤᠷᠪᠠᠨ ᠵᠡᠷᠭᠡ ᠰᠥᠭᠥᠳᠴᠦ ᠶᠢᠰᠦᠨ ᠵᠡᠷᠭᠡ ᠮᠥᠷᠭᠥᠵᠦ ᠪᠠᠷᠠᠭᠰᠠᠨ ᠤ᠋ ᠬᠣᠢᠨ᠎ᠠ᠂ ᠲᠡᠮᠳᠡᠭ ᠴᠢᠮᠡᠭ ᠬᠥᠳᠡᠯᠵᠦ᠂ ᠵᠠᠭᠤᠨ ᠬᠥᠭᠵᠢᠮ᠂ ᠮᠢᠩᠭᠠᠨ ᠠᠶᠠᠯᠭᠤ᠂ ᠲᠦᠭ ᠲᠦᠮᠡᠨ ᠳᠠᠭᠤᠨ ᠴᠢᠮᠡᠭᠡᠨ ᠶᠠᠭ ᠲᠠᠭ ᠵᠣᠭᠰᠣᠭᠰᠠᠨ ᠤ᠋ ᠬᠣᠢᠨ᠎ᠠ᠂ ᠮᠣᠩᠭᠣᠯ ᠤᠯᠤᠰ ᠤ᠋ᠨ ᠳᠡᠯᠭᠡᠷᠡᠭᠦᠯᠦᠭᠰᠡᠨ ᠦᠯᠡᠭᠦᠦ ᠢᠷᠦᠭᠡᠯᠲᠦ ᠲᠠᠢᠬᠡᠦ᠂ ᠶᠡᠬᠡ ᠲᠠᠬᠢᠯ ᠤ᠋ᠨ ᠣᠷᠣᠨ ᠤ᠋ ᠵᠦᠭ ᠭᠤᠷᠪᠠᠳᠠ ᠮᠥᠷᠭᠥᠵᠦ ᠰᠥᠭᠥᠳᠦᠭᠰᠡᠭᠡᠷ ᠳᠡᠭᠡᠭᠰᠢ ᠬᠠᠨᠳᠤᠨ ᠠᠯᠠᠭ᠎ᠠ ᠪᠠᠨ ᠬᠠᠮᠲᠤᠤᠳᠬᠠᠨ ᠡᠢᠨ ᠭᠡᠮᠡᠨ ᠵᠠᠯᠪᠠᠷᠢᠨ ᠥᠴᠢᠨ ᠠᠢᠯᠠᠳᠬᠠᠷᠤᠨ᠂ ᠳᠡᠭᠦᠨᠦ ᠵᠠᠷᠯᠢᠭ ᠦᠭᠡᠰ ᠢ᠋ ᠳᠣᠣᠷᠠᠲᠤ ᠪᠦᠯᠦᠭ ᠲᠣᠷ ᠦᠵᠡᠭᠳᠡᠬᠦᠢ᠃ ᠴᠣᠬᠣᠯᠠᠭᠰᠠᠨ ᠢᠨᠤ᠄
ᠦᠯᠡᠭᠦᠦ ᠢᠷᠦᠭᠡᠯᠲᠦ ᠥᠭᠡᠯᠦᠨ ᠡᠮᠡᠭᠡ ᠲᠠᠢᠬᠡᠦ ᠪᠡᠷ ᠡᠨᠡ ᠵᠢᠯ ᠵᠢᠷᠠᠨ ᠭᠤᠷᠪᠠᠨ ᠨᠠᠰᠤᠨ ᠰᠡᠭᠦᠳᠡᠷ ᠲᠡᠢ ᠪᠣᠯᠪᠠ᠃ ᠬᠥᠬᠡ ᠬᠤᠯᠤᠭᠠᠨ᠎ᠠ ᠵᠢᠯ ᠮᠡᠨᠳᠦᠯᠡᠭᠰᠡᠨ ᠪᠤᠶᠤ᠃ ᠠᠷᠪᠠᠨ ᠳᠣᠯᠣᠭᠠᠨ ᠰᠡᠭᠦᠳᠡᠷᠡ ᠴᠠᠭᠠᠨ ᠰᠡᠷᠡᠳᠡ ᠲᠠᠢᠽᠦ ᠴᠢᠩᠭᠢᠰ ᠬᠠᠭᠠᠨ ᠤ᠋ ᠡᠴᠢᠭᠡ – ᠪᠸᠲ᠋ᠠ᠋ ᠤᠯᠤᠰ ᠤ᠋ᠨ ᠡᠵᠡᠨ ᠶᠢᠰᠦᠭᠡᠢ ᠪᠠᠭᠠᠲᠤᠷ ᠲᠤᠷ ᠬᠠᠲᠤᠨ ᠪᠣᠯᠵᠤ᠂ ᠨᠢᠭᠡᠨ ᠣᠢ ᠪᠣᠯᠵᠤ ᠠᠷᠪᠠᠨ ᠨᠠᠢ᠍ᠮᠠᠨ ᠨᠠᠰᠤᠨ ᠤ᠋ ᠵᠢᠷᠭᠤᠭᠠᠨ ᠰᠠᠷ᠎ᠠ ᠪᠣᠯᠲᠠᠯ᠎ᠠ᠂ ᠤᠷᠤᠭ ᠲᠣᠭᠲᠠᠭᠠᠳᠤᠢ ᠪᠥᠯᠥᠭᠡ᠃ ᠵᠢᠷᠭᠤᠭᠠᠨ ᠰᠠᠷ᠎ᠠ ᠶ᠋ᠢᠨ ᠰᠡᠭᠦᠯ ᠢ᠋ᠶ᠋ᠡᠷ ᠶᠢᠰᠦᠭᠡᠢ ᠪᠠᠭᠠᠲᠤᠷ᠂ ᠲᠠᠲ᠋ᠠᠷ ᠠᠢᠮᠠᠭ ᠢ᠋ ᠳᠠᠢᠯᠠᠷ᠎ᠠ ᠴᠡᠷᠢᠭ ᠲᠦ᠍ ᠮᠣᠷᠳᠠᠭᠰᠠᠨ ᠡᠨᠡ ᠵᠡᠪᠰᠡᠷ᠎ᠡ᠂ ᠳᠣᠯᠣᠭᠠᠨ ᠰᠠᠷ᠎ᠠ ᠶ᠋ᠢᠨ ᠰᠢᠨ᠎ᠡ ᠶ᠋ᠢᠨ ᠳᠣᠯᠣᠭᠠᠨ ᠤ᠋ ᠰᠥᠨᠢ ᠰᠠᠷᠠᠨ ᠰᠢᠩᠭᠡᠭᠰᠡᠨ ᠦ᠌ ᠬᠣᠢᠨ᠎ᠠ ᠥᠭᠡᠯᠦᠨ ᠡᠬᠡ ᠶ᠋ᠢᠨ ᠥᠷᠭᠥᠭᠡ ᠶ᠋ᠢᠨ ᠲᠣᠭᠣᠨᠣ ᠪᠠᠷ ᠨᠢᠭᠡᠨ ᠮᠥᠩᠭᠥᠨ ᠦ᠌ ᠭᠡᠷᠡᠯᠲᠦ ᠣᠳᠣᠨ ᠬᠠᠷᠪᠤᠨ ᠣᠷᠣᠵᠤ ᠢᠷᠡᠭᠡᠳ ᠭᠡᠷ ᠳᠦᠭᠦᠷᠡᠩ ᠴᠠᠭᠠᠨ ᠭᠡᠷᠡᠯ ᠲᠤᠶᠠᠭᠠᠯᠠᠨ ᠭᠡᠢᠭᠦᠯᠦᠨ ᠭᠣᠯᠣᠮᠲᠠ ᠳ᠋ᠤᠷ ᠲᠣᠰᠴᠤ᠂ ᠭᠣᠯᠣᠮᠲᠠ ᠠ᠋ᠴᠠ ᠴᠠᠭᠠᠨ ᠭᠡᠷᠡᠯ ᠰᠠᠴᠤᠷᠠᠨ ᠭᠠᠷᠴᠤ ᠥᠷᠭᠥᠭᠡ ᠳᠦᠭᠦᠷᠡᠩ ᠮᠥᠩᠭᠥᠨ ᠤᠰᠤ ᠮᠡᠲᠦ ᠬᠡᠪ ᠭᠡᠭᠡᠬᠡᠨ ᠬᠡᠷᠡᠯᠳᠦᠵᠦ᠂ ᠲᠡᠷᠡ ᠴᠠᠭᠠᠨ ᠭᠡᠷᠡᠯ ᠦ᠋ᠨ ᠳᠣᠲᠣᠷ᠎ᠠ᠂ ᠲᠡᠷᠡ ᠪᠠᠳᠠᠷᠠᠩᠭᠤᠢ ᠴᠠᠭᠠᠨ ᠰᠦᠯᠳᠡ ᠲᠡᠭᠷᠢ ᠢᠯᠡᠷᠡᠨ ᠭᠠᠷᠴᠤ ᠢᠷᠡᠭᠡᠳ᠂ ᠥᠭᠡᠯᠦᠨ ᠡᠬᠡ ᠶ᠋ᠢᠨ ᠨᠣᠢᠷᠰᠤᠭᠰᠠᠨ ᠬᠥᠰᠢᠭᠡ ᠰᠠᠨᠳᠠᠯᠢ ᠳ᠋ᠤᠷ ᠣᠷᠣᠵᠤ ᠥᠭᠡᠯᠦᠨ ᠡᠬᠡ ᠯᠦ᠍ᠭᠡ ᠪᠡᠶ᠎ᠡ ᠬᠠᠮᠲᠤᠳᠬᠠᠨ ᠬᠣᠨᠣᠬᠤᠢ ᠳ᠋ᠤᠷ ᠥᠭᠡᠯᠦᠨ ᠡᠬᠡ ᠠᠶᠤᠨ ᠰᠣᠴᠢᠵᠤ ᠳᠠᠭᠤᠨ ᠴᠤ᠌ ᠭᠠᠷᠤᠨ ᠡᠰᠡ ᠴᠢᠳᠠᠭᠰᠠᠨ ᠢ᠋ᠶ᠋ᠠᠷ ᠶᠡᠬᠡ ᠣᠷᠣᠨ ᠤ᠋ ᠦᠢᠯᠡ ᠲᠡᠭᠦᠰᠴᠦ ᠪᠡᠶ᠎ᠡ ᠲᠠᠯᠪᠢᠭᠤᠷᠠᠨ᠂ ᠡᠭᠦᠨ ᠡᠴᠡ ᠴᠢᠩᠭᠢᠰ ᠪᠣᠭᠳᠠ ᠶᠤᠸᠠᠨ ᠲᠠᠢᠽᠦ ᠲᠡᠮᠦᠵᠢᠨ ᠱᠸᠡᠭ ᠡᠤ᠌ ᠬᠤᠸᠠᠩᠳᠢ ᠶ᠋ᠢ ᠰᠢᠯᠲᠠᠭᠠᠨ ᠲᠠᠢ ᠪᠣᠯᠤᠭᠰᠠᠨ ᠤ᠋ ᠲᠤᠯᠠᠳᠠ᠂ ᠡᠳᠡᠭᠡᠷ ᠤᠴᠢᠷ ᠢ᠋ ᠳᠠᠬᠢᠨ ᠪᠠᠰᠠ ᠨᠢᠭᠡᠨ ᠵᠡᠷᠭᠡ ᠲᠣᠪᠴᠢᠶᠠᠯᠠᠨ ᠲᠣᠭᠠᠴᠢᠵᠤ᠂ ᠬᠣᠶᠠᠷ ᠥᠪᠡᠷ᠎ᠡ ᠶᠠᠰᠤ ᠶ᠋ᠢ ᠲᠣᠳᠣᠷᠬᠠᠢᠯᠠᠨ ᠦᠯᠡᠳᠡᠭᠡᠬᠦ ᠵᠠᠷᠯᠢᠭ ᠢ᠋ ᠬᠣᠴᠣᠷᠤᠭᠤᠯᠤᠮᠤᠢ᠃
ᠬᠠᠭᠠᠨ ᠤ᠋ ᠡᠷᠬᠢᠮ ᠢ᠋ ᠡᠳ᠋ᠯᠡᠬᠦᠶᠡ ᠬᠢᠯᠪᠠᠷ
ᠬᠠᠭᠠᠨ ᠤ᠋ ᠶᠠᠪᠤᠳᠠᠯ ᠢ᠋ ᠭᠦᠢᠴᠡᠳᠬᠡᠬᠦᠶᠡ ᠪᠡᠷᠬᠡ᠃
ᠬᠠᠮᠤᠭ ᠤ᠋ᠨ ᠡᠷᠬᠡ ᠶ᠋ᠢ ᠡᠵᠡᠯᠡᠬᠦᠶᠡ ᠬᠢᠯᠪᠠᠷ
ᠬᠠᠮᠤᠭ ᠤ᠋ᠨ ᠦᠨᠡᠨ ᠢ᠋ ᠲᠣᠯᠢᠳᠠᠬᠤᠶᠠ ᠪᠡᠷᠬᠡ᠃
ᠬᠠᠭᠠᠨ ᠤ᠋ ᠰᠡᠳᠬᠢᠯ ᠢ᠋ᠶ᠋ᠡᠷ ᠬᠠᠭᠠᠨ ᠤ᠋ ᠰᠡᠳᠬᠢᠯ ᠢ᠋ ᠰᠠᠬᠢᠭᠴᠢᠳ ᠮᠠᠭᠠᠳ ᠪᠣᠭᠳᠠ ᠬᠥᠮᠦᠨ
ᠬᠠᠮᠤᠭ ᠤ᠋ᠨ ᠬᠠᠮᠠᠭᠠᠯᠠᠯ ᠢ᠋ᠶ᠋ᠠᠷ ᠬᠠᠮᠤᠭ ᠢ᠋ ᠬᠠᠮᠠᠭᠠᠯᠠᠬᠤ ᠴᠣᠬᠣᠮ ᠬᠠᠭᠠᠨ ᠬᠥᠮᠦᠨ᠃
