ᠵᠢᠷᠦᠬᠡᠨ ᠦ ᠠᠮᠠᠷᠠᠭ ᠲᠠᠢ ᠪᠠᠨ ᠵᠣᠯᠭᠠᠨ᠎ᠠ ᠡ ᠭᠡᠵᠦ ᠁ – ᠶᠣᠨᠳᠣᠨ ᠤ ᠪᠢᠯᠢᠭ᠌ - ᠪᠠᠭᠠᠲᠤᠷ Зүрхний амрагтайгаа золгоно оо гэж ᠁ - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠦᠬᠡᠨ ᠦ ᠠᠮᠠᠷᠠᠭ ᠲᠠᠢ ᠪᠠᠨ ᠵᠣᠯᠭᠠᠨ᠎ᠠ ᠡ ᠭᠡᠵᠦ ᠁ – ᠶᠣᠨᠳᠣᠨ ᠤ ᠪᠢᠯᠢᠭ᠌ - ᠪᠠᠭᠠᠲᠤᠷ Зүрхний амрагтайгаа золгоно оо гэж ᠁ - Ёндоны Билиг - Баатар

ᠵᠢᠷᠦᠬᠡᠨ ᠦ ᠠᠮᠠᠷᠠᠭ ᠲᠠᠢ ᠪᠠᠨ ᠵᠣᠯᠭᠠᠨ᠎ᠠ ᠡ ᠭᠡᠵᠦ ᠁ – ᠶᠣᠨᠳᠣᠨ ᠤ ᠪᠢᠯᠢᠭ᠌ - ᠪᠠᠭᠠᠲᠤᠷ Зүрхний амрагтайгаа золгоно оо гэж ᠁ - Ёндоны Билиг - Баатар

2024-05-27

357

ᠵᠢᠷᠦᠬᠡᠨ ᠦ ᠠᠮᠠᠷᠠᠭ ᠲᠠᠢ ᠪᠠᠨ ᠵᠣᠯᠭᠠᠨ᠎ᠠ ᠡ ᠭᠡᠵᠦ ᠁

 
 ᠠᠯᠤᠰ ᠠᠯᠤᠰ ᠤ᠋ᠨ ᠳᠠᠯᠳᠠ ᠠᠯᠤᠰ ᠠ᠋ᠴᠠ 
 ᠠᠯᠠᠭ ᠴᠡᠴᠡᠭᠡᠰ ᠦ᠋ᠨ ᠵᠤᠨ ᠤ᠋ ᠤᠯᠠᠷᠢᠯ ᠳ᠋ᠠᠭᠠᠨ 
 ᠵᠢᠰᠦ ᠵᠢᠰᠦᠨ ᠦ᠌ ᠬᠠᠮᠤᠭ ᠦᠵᠡᠰᠬᠦᠯᠡᠩ ᠢ᠋ 
 ᠵᠢᠩᠭᠠᠷ ᠬᠠᠲᠤᠨ ᠰᠢᠭ᠋ ᠣᠯᠵᠤ ᠲᠥᠷᠥᠭᠰᠡᠨ 
 ᠵᠢᠷᠦᠬᠡᠨ ᠦ᠌ ᠠᠮᠠᠷᠠᠭ ᠲᠠᠢ ᠪᠠᠨ 
 ᠵᠣᠯᠭᠠᠨ᠎ᠠ ᠭᠡᠳᠡᠭ ᠴᠢᠨᠢ ᠬᠥᠭᠡᠷᠦᠬᠦᠢ 
 ᠠᠯᠲᠠᠨ ᠨᠠᠷᠠᠨ ᠲᠠᠢ ᠥᠷᠯᠥᠭᠡ ᠥᠷᠯᠥᠭᠡ 
 ᠠᠷᠢᠭᠤᠨ ᠰᠠᠴᠤᠯᠢ ᠲᠠᠢ ᠵᠣᠯᠭᠠᠬᠤ ᠠ᠋ᠴᠠ ᠴᠤ᠌
 ᠮᠢᠩᠭᠠᠨ ᠳᠠᠬᠢᠨ ᠰᠠᠢᠬᠠᠨ ᠶᠤᠮ ᠳᠠ 
 ᠦᠨᠡᠨᠳᠡᠭᠡᠨ ᠲᠡᠭᠦᠨ ᠡᠴᠡ ᠴᠤ᠌ ᠭᠣᠶᠣᠬᠠᠨ 
  ᠁ ᠁ ᠠᠮᠢᠳᠤᠷᠠᠯ ᠤ᠋ᠨ ᠰᠠᠢᠬᠠᠨ ᠡᠨᠡ 
  ᠁ ᠁ ᠠᠮᠢᠳᠤᠷᠠᠬᠤ ᠤᠳᠬ᠎ᠠ ᠶᠠᠭ ᠡᠨᠡ 
 ᠪᠤᠬ᠎ᠠ ᠲᠡᠷᠭᠡ ᠳᠡᠭᠦᠯᠢᠬᠦ ᠮᠡᠲᠦ ᠬᠤᠷᠳᠤᠨ 
 ᠸᠠᠭᠣᠨ ᠢ᠋ᠶ᠋ᠠᠨ ᠴᠢᠷᠦᠭᠡᠳ ᠮᠠᠰᠢᠳᠠ ᠶᠠᠭᠠᠷᠠᠤ 
  ᠁ ᠣᠷᠴᠢᠯᠠᠩ ᠳᠡᠯᠡᠬᠡᠢ ᠲᠡᠭᠷᠢ ᠭᠠᠵᠠᠷ ᠤ᠋ᠨ 
  ᠁ ᠠᠤᠭ᠎ᠠ ᠥᠷᠯᠥᠭ ᠳᠡᠭᠡᠳᠦᠰ ᠦ᠋ᠨ 
  ᠁ ᠴᠡᠯ ᠪᠤᠭᠤᠷᠤᠯ ᠠᠪᠤ ᠡᠵᠢ ᠶ᠋ᠢᠨ ᠢ᠋ᠶ᠋ᠡᠨ 
  ᠁ ᠡᠳᠡᠨᠥᠰ ᠦ᠋ᠨ ᠢ᠋ᠶ᠋ᠡᠨ ᠪᠤᠶᠠᠨ ᠢ᠋ᠶ᠋ᠠᠷ ᠯᠠ 
 ᠡᠳᠦᠢ ᠳ᠋ᠦ᠍ ᠪᠢ ᠡᠢᠮᠦ ᠭᠣᠶᠣ ᠵᠢᠷᠭᠠᠯᠠᠩ ᠲᠠᠢ 
 ᠡᠷ᠎ᠡ ᠶ᠋ᠢᠨ ᠳᠡᠭᠡᠳᠦ ᠬᠡᠢᠮᠣᠷᠢ ᠲᠠᠢ ᠶᠠᠪᠤᠨᠠᠮ 
 ᠡᠭᠦᠷᠢ ᠶ᠋ᠢᠨ ᠡᠭᠦᠷᠢᠳᠡ ᠲᠠᠯᠠᠷᠬᠠᠵᠤ ᠮᠥᠷᠭᠥᠨᠡᠮ 
 ᠦᠬᠦᠲᠡᠯ᠎ᠡ ᠪᠡᠨ ᠠᠴᠢ ᠶ᠋ᠢ ᠨᠢ ᠰᠠᠨᠠᠨᠠᠮ ᠠ᠋ 
 ᠰᠠᠢᠨ ᠵᠠᠶᠠᠭ᠎ᠠ ᠲᠠᠢ ᠲᠡᠮᠡᠴᠡᠵᠦ ᠶᠠᠪᠤᠭ᠎ᠠ 
 ᠰᠠᠢᠬᠠᠨ ᠭᠡᠷᠭᠡᠢ ᠲᠡᠢ ᠬᠠᠨᠢᠯᠠᠵᠤ ᠪᠠᠢᠭ᠎ᠠ 
 ᠰᠠᠯᠬᠢ ᠰᠢᠭ᠋ ᠴᠢᠯᠥᠭᠡᠲᠡᠢ ᠠᠮᠢᠳᠤᠷᠠᠭ᠎ᠠ 
 ᠰᠦᠨ ᠮᠡᠲᠦ ᠴᠠᠯᠭᠢᠯᠠᠵᠤ ᠪᠤᠴᠠᠯᠠᠭ᠎ᠠ ᠳ᠋ᠠᠭᠠᠨ 
 ᠶᠠᠭᠠᠬᠢᠬᠤ ᠠᠷᠭ᠎ᠠ ᠦᠭᠡᠢ ᠪᠠᠶᠠᠷᠯᠠᠵᠤ ᠪᠠᠢᠨᠠᠮ 
 ᠶᠠᠭᠠᠬᠢᠬᠤ ᠳ᠋ᠠᠭᠠᠨ ᠪᠢ ᠡᠢᠮᠦ ᠠᠵᠠ ᠲᠠᠢ ᠪᠣᠢ 
 ᠪᠦᠭᠦᠳᠡ ᠬᠥᠮᠦᠨ ᠲᠥᠷᠥᠯᠬᠢᠲᠡᠨ ᠳ᠋ᠦ᠍ ᠪᠡᠨ 
 ᠪᠥᠮᠪᠥᠷᠴᠡᠭ ᠦ᠋ᠨ ᠪᠦᠬᠦ ᠠᠮᠢᠲᠠᠨ ᠪᠣᠳᠠᠰ ᠲᠤ᠌ 
 ᠪᠥᠭᠡᠷᠡᠩᠬᠡᠢ ᠲᠣᠯᠣᠭᠠᠢ ᠪᠠᠷ ᠢ᠋ᠶ᠋ᠠᠨ ᠮᠥᠷᠭᠥᠨᠡᠮ 
 ᠪᠦᠷ ᠴᠤ᠌ ᠴᠠᠭ ᠢᠮᠠᠭᠲᠠ ᠮᠥᠩᠬᠡ ᠲᠠᠯᠠᠷᠬᠠᠨᠠᠮ 
 ᠠᠮᠠᠷᠠᠭ ᠬᠣᠩᠭᠣᠷ ᠲᠠᠢ ᠪᠠᠨ ᠯᠠ 
 ᠠᠯᠠᠭ ᠬᠣᠷᠸ᠎ᠠ ᠶ᠋ᠢ ᠡᠯᠡᠭᠡᠨ᠎ᠡ ᠭᠡᠳᠡᠭ 
 ᠠᠮᠢᠳᠤ ᠶ᠋ᠢᠨ ᠲᠡᠭᠦᠯᠳᠡᠷ ᠠᠮᠲᠠ ᠶ᠋ᠢ 
 ᠠᠰᠢᠳᠠ ᠲᠠᠮᠰᠢᠶᠠᠯᠠᠬᠤ ᠤᠷᠠᠨ ᠦᠢᠯᠡ ᠠ᠋ 
 ᠵᠤᠯᠠᠢ ᠳᠡᠭᠡᠷ᠎ᠡ ᠲᠣᠭᠠᠯᠠᠰᠢ ᠦᠭᠡᠢ ᠣᠳᠣᠳ 
 ᠵᠣᠷᠴᠢᠬᠤ ᠭᠠᠵᠠᠷ ᠤᠯᠠᠭᠠᠨᠴᠠᠪ ᠲᠥᠪ ᠬᠣᠲᠠ 
  ᠁ 
  ᠁ ᠵᠤᠨ ᠤ᠋ ᠰᠥᠨᠢ ᠶᠠᠭᠤᠲᠠᠢ ᠢᠰᠬᠦᠯᠡᠩ 
  ᠁ ᠬᠥᠮᠦᠨ ᠵᠤᠨ ᠶᠠᠭᠤᠲᠠᠢ ᠠᠮᠤᠭᠤᠯᠠᠩ 
 ᠡᠬᠡ ᠨᠤᠲᠤᠭ ᠡᠬᠡ ᠣᠷᠣᠨ ᠲᠠᠢᠪᠤᠩ 
 ᠡᠷᠭᠢᠬᠦ ᠲᠥᠷᠥᠯ ᠳ᠋ᠡᠭᠡᠨ ᠡᠨᠳᠡ ᠯᠡ ᠁   

             2024᠂ 5᠂ 26 – 27᠃  ᠦᠦᠷ ᠢ᠋ᠶ᠋ᠡᠷ᠃  

                ᠰᠢᠯᠢ ᠶ᠋ᠢᠨ ᠬᠣᠲᠠ ᠠ᠋ᠴᠠ ᠤᠯᠠᠭᠠᠨᠴᠠᠪ ᠬᠦᠷᠬᠦ ᠭᠠᠯᠲᠤ ᠲᠡᠷᠭᠡᠨ ᠳᠡᠭᠡᠷ᠎ᠡ᠃   
                ᠬᠢᠴᠢᠶᠡᠩᠭᠦᠢ ᠲᠤᠩᠭᠠᠨ ᠪᠦᠲᠦᠭᠡᠪᠡᠢ᠃