ᠨᠢᠭᠤᠴᠠ ᠢᠨᠠᠭ- ᠳ· ᠨᠠᠴᠤᠭᠳᠣᠷᠵᠢНууц янаг-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠤᠴᠠ ᠢᠨᠠᠭ- ᠳ· ᠨᠠᠴᠤᠭᠳᠣᠷᠵᠢНууц янаг-Д.Нацагдорж

ᠨᠢᠭᠤᠴᠠ ᠢᠨᠠᠭ- ᠳ· ᠨᠠᠴᠤᠭᠳᠣᠷᠵᠢНууц янаг-Д.Нацагдорж

2024-05-27

303

ᠨᠢᠭᠤᠴᠠ ᠢᠨᠠᠭ

         ᠳ· ᠨᠠᠴᠤᠭᠳᠣᠷᠵᠢ 

ᠬᠤᠷᠠᠯᠳᠤᠭᠰᠠᠨ ᠣᠯᠠᠨ ᠤ᠋ ᠳᠤᠮᠳᠠ ᠤᠴᠠᠷᠠᠮᠠᠭᠴᠠ 
ᠳᠥᠷᠪᠡᠨ ᠨᠢᠳᠦ ᠡᠰᠡᠷᠭᠦ ᠰᠢᠷᠲᠡᠯᠴᠡᠵᠦ᠂
ᠬᠣᠶᠠᠷ ᠰᠡᠳᠬᠢᠯ ᠦ᠋ᠨ ᠳᠣᠲᠣᠷ᠎ᠠ ᠨᠢᠭᠡ ᠵᠡᠷᠭᠡ ᠪᠡᠷ 
ᠵᠤᠯᠠ ᠬᠡᠷᠡᠯᠳᠦᠵᠦ ᠪᠠᠢᠭ᠎ᠠ ᠶ᠋ᠢ ᠬᠡᠨ ᠮᠡᠳᠡᠨ᠎ᠡ᠃

ᠬᠣᠵᠢᠮ ᠡᠳᠦᠷ ᠭᠦᠨ ᠣᠢ ᠶ᠋ᠢᠨ ᠳᠤᠮᠳᠠ ᠤᠴᠠᠷᠠᠵᠤ 
ᠰᠡᠳᠬᠢᠯ ᠵᠢᠷᠦᠬᠡ ᠶ᠋ᠢ ᠬᠠᠩᠭᠠᠬᠤ ᠳ᠋ᠤ᠌ 
ᠭᠠᠭᠴᠠ ᠬᠦ᠌ ᠬᠠᠵᠠᠭᠤ ᠶ᠋ᠢᠨ ᠴᠡᠴᠡᠭ ᠦᠵᠡᠵᠦ 
ᠪᠢᠳᠡ ᠬᠣᠶᠠᠷ ᠤ᠋ᠨ ᠵᠦᠭ ᠢᠨᠢᠶᠡᠮᠰᠦᠭᠯᠡᠨ᠎ᠡ᠃

ᠭᠱᠠᠨ ᠵᠠᠭᠤᠷ᠎ᠠ ᠪᠣᠯᠪᠠᠴᠤ
ᠲᠦᠮᠡᠨᠲᠡ ᠪᠣᠳᠣᠭᠳᠠᠬᠤ ᠪᠥᠭᠡᠳ
ᠬᠡᠵᠢᠶ᠎ᠡ ᠪᠠ ᠬᠠᠮᠢᠭ᠎ᠠ ᠭᠡᠵᠦ
ᠥᠴᠦᠬᠡᠨ ᠵᠢᠷᠦᠬᠡ ᠨᠢ ᠡᠪᠡᠳᠦᠨ᠎ᠡ᠃

        1930 ᠣᠨ 

   ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ
   ᠬᠢᠨᠠᠭᠴᠢ᠄ ᠭᠠᠷᠮ᠎ᠠ᠂ ᠤᠳᠬᠠᠨᠰᠣ᠎ᠠ