1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠨ ᠲᠠᠢ ᠨᠥᠬᠥᠷᠯᠡᠪᠡᠯ ᠰᠠᠷᠠᠨ ᠤ ᠭᠡᠷᠡᠯСайнтай нөхөрлөвөл сарны гэрэл

ᠰᠠᠢᠨ ᠲᠠᠢ ᠨᠥᠬᠥᠷᠯᠡᠪᠡᠯ ᠰᠠᠷᠠᠨ ᠤ ᠭᠡᠷᠡᠯСайнтай нөхөрлөвөл сарны гэрэл

2022-05-26

315

ᠰᠠᠢᠨ ᠲᠠᠢ ᠨᠥᠬᠥᠷᠯᠡᠪᠡᠯ ᠰᠠᠷᠠᠨ ᠤ᠋ ᠭᠡᠷᠡᠯ ᠮᠠᠭᠤ ᠲᠠᠢ ᠨᠥᠬᠥᠷᠯᠡᠪᠡᠯ ᠮᠣᠭᠠᠢ ᠶ᠋ᠢᠨ ᠬᠣᠣᠷᠯᠠᠯ

   ᠮᠣᠳᠣᠨ ᠤ᠋ ᠬᠥᠨᠳᠡᠢ ᠳ᠋ᠦ᠍ ᠲᠣᠳᠢ ᠰᠢᠪᠠᠭᠤᠨ ᠤ᠋ ᠰᠦᠷᠦᠭ ᠠᠮᠢᠳᠤᠷᠠᠳᠠᠭ ᠪᠠᠢᠵᠠᠢ᠃ ᠭᠡᠲᠡᠯ᠎ᠡ ᠨᠢᠭᠡ ᠡᠳᠦᠷ ᠲᠡᠳᠡᠨ ᠢ᠋ ᠰᠢᠪᠠᠭᠤᠨ ᠠᠩᠴᠢᠨ ᠣᠯᠵᠤ ᠬᠠᠷᠠᠪᠠ᠃ ᠠᠩᠴᠢᠨ ᠰᠥᠨᠢ ᠨᠢ ᠲᠡᠷᠡ ᠮᠣᠳᠣᠨ ᠤ᠋ ᠳᠣᠣᠷ᠎ᠠ ᠨᠣᠢᠲᠠᠨ ᠪᠤᠭᠤᠷᠴᠠᠭ ᠲᠠᠷᠠᠭᠠᠵᠤ ᠥᠭᠡᠰᠢ ᠪᠡᠯᠡᠳᠬᠡᠭᠡᠳ ᠲᠣᠣᠷ ᠲᠠᠯᠪᠢᠵᠤ ᠭᠡᠨ᠎ᠡ᠃
   ᠥᠷᠯᠥᠭᠡ ᠪᠣᠯᠣᠮᠠᠭᠴᠠ ᠥᠯᠥᠰᠦᠭᠰᠡᠨ ᠲᠣᠳᠢ ᠨᠤᠭᠤᠳ ᠥᠭᠡᠰᠢ ᠶ᠋ᠢ ᠬᠠᠷᠠᠭᠠᠳ ᠶᠡᠬᠡᠳᠡ ᠪᠠᠶᠠᠷᠯᠠᠨ ᠪᠤᠭᠤᠷᠴᠠᠭ ᠳᠡᠭᠡᠷ᠎ᠡ ᠣᠯᠠᠨ ᠢ᠋ᠶ᠋ᠠᠷ ᠢ᠋ᠶ᠋ᠠᠨ ᠴᠤᠭᠯᠠᠷᠠᠪᠠ᠃ ᠭᠡᠲᠡᠯ᠎ᠡ ᠬᠣᠶᠠᠷ ᠲᠣᠳᠢ ᠠᠩᠴᠢᠨ ᠤ᠋ ᠲᠠᠯᠪᠢᠭ᠍ᠰᠠᠨ ᠲᠣᠣᠷ ᠲᠤ᠌ ᠣᠷᠣᠭᠠᠳ ᠲᠡᠭᠡᠭᠯᠡᠴᠢᠬᠡᠵᠦ ᠭᠡᠨ᠎ᠡ᠃
   ᠰᠢᠪᠠᠭᠤᠨ ᠤ᠋ ᠠᠩᠴᠢᠨ ᠲᠡᠳᠡᠨ ᠢ᠋ ᠪᠠᠷᠢᠵᠤ ᠠᠪᠤᠭᠠᠳ᠂ ᠲᠤᠰ ᠲᠤᠰ ᠲᠤ᠌ ᠨᠢ ᠲᠡᠮᠦᠷ ᠲᠣᠣᠷ ᠲᠤ᠌ ᠬᠢᠵᠡᠢ᠃ ᠲᠡᠷᠡ ᠪᠡᠷ ᠬᠥᠭᠡᠷᠦᠬᠦᠢ ᠬᠣᠶᠠᠷ ᠲᠣᠳᠢ ᠶ᠋ᠢ ᠵᠠᠬ᠎ᠠ ᠳᠡᠭᠡᠷ᠎ᠡ ᠬᠤᠳᠠᠯᠳᠤᠬᠤ ᠪᠠᠷ ᠠᠪᠴᠤ ᠣᠳᠤᠯ᠎ᠠ᠃ ᠬᠣᠶᠠᠷ ᠳᠤᠲᠢᠨ ᠤ᠋ ᠨᠢᠭᠡ ᠶ᠋ᠢ ᠨᠢ ᠯᠠᠮᠠᠳᠠᠨ᠂ ᠨᠥᠭᠥᠭᠡ ᠶ᠋ᠢ ᠨᠢ ᠬᠤᠯᠠᠭᠠᠢᠴᠢ ᠳᠡᠭᠡᠷᠡᠮᠴᠢᠳ ᠬᠤᠳᠠᠯᠳᠤᠵᠤ ᠠᠪᠤᠪᠠ᠃
   ᠯᠠᠮ᠎ᠠ ᠪᠠᠭ᠍ᠰᠢ ᠶ᠋ᠢᠨ ᠠᠪᠤᠭᠰᠠᠨ ᠲᠣᠳᠢ ᠯᠠᠮ᠎ᠠ ᠶ᠋ᠢᠨ ᠬᠡᠢᠳ ᠲᠦ᠍ ᠡᠳᠦᠷ ᠪᠦᠷᠢ ᠪᠤᠷᠬᠠᠨ ᠤ᠋ ᠨᠣᠮ ᠤᠩᠰᠢᠵᠤ᠂ ᠮᠠᠨᠢ ᠲᠠᠷᠨᠢ ᠲᠣᠭᠠᠯᠠᠬᠤ ᠪᠠ ᠪᠠᠭ᠍ᠰᠢ ᠯᠠᠮ᠎ᠠ ᠨᠠᠷ ᠤ᠋ᠨ ᠵᠠᠷᠯᠢᠭ ᠰᠤᠷᠭᠠᠯ ᠢ᠋ ᠰᠣᠨᠣᠰᠳᠠᠭ ᠪᠠᠢᠵᠠᠢ᠃ ᠬᠡᠢᠳ ᠲᠦ᠍ ᠢᠷᠡᠭᠰᠡᠨ ᠯᠠᠮ᠎ᠠ ᠨᠠᠷ ᠦᠷᠭᠦᠯᠵᠢ ᠯᠡ ᠪᠤᠷᠬᠠᠨ ᠤ᠋ ᠨᠡᠷ᠎ᠡ ᠶ᠋ᠢ ᠳᠠᠭᠤᠳᠠᠨ ᠨᠣᠮ ᠬᠠᠶᠠᠯᠴᠠᠵᠤ ᠰᠤᠳᠤᠷ ᠱᠠᠰᠲᠢᠷ ᠢ᠋ ᠠᠶᠠᠯᠭᠤᠯᠠᠨ ᠤᠩᠰᠢᠵᠤ ᠪᠠᠢᠳᠠᠭ ᠪᠠᠢᠵᠠᠢ᠃
   ᠲᠡᠳᠡᠨ ᠦ᠌ ᠳᠡᠷᠭᠡᠳᠡ ᠪᠠᠢᠭᠰᠠᠨ ᠲᠣᠳᠢ ᠠᠭᠠᠵᠢᠮ ᠠᠭᠠᠵᠢᠮ ᠢ᠋ᠶ᠋ᠠᠷ ᠡᠳᠡᠭᠡᠷ ᠪᠦᠭᠦᠳᠡ ᠶ᠋ᠢ ᠰᠤᠷᠴᠤ ᠴᠡᠭᠡᠵᠢᠯᠡᠭᠡᠳ ᠥᠪᠡᠷ ᠢ᠋ᠶ᠋ᠡᠨ ᠢᠷᠦᠭᠡᠯ ᠲᠡᠢ ᠰᠠᠢᠬᠠᠨ ᠦᠭᠡᠰ ᠬᠡᠯᠡᠵᠦ ᠨᠣᠮ ᠲᠠᠷᠨᠢ ᠤᠩᠰᠢᠵᠤ ᠡᠬᠢᠯᠡᠵᠡᠢ᠃ ᠲᠡᠭᠦᠨ ᠡᠴᠡ ᠬᠣᠢᠰᠢ ᠲᠣᠳᠢ ᠬᠡᠢᠳ ᠲᠦ᠍ ᠬᠥᠮᠦᠨ ᠪᠠᠢᠬᠤ ᠦᠭᠡᠢ ᠡᠵᠡᠭᠦᠢ ᠦᠳᠡᠰᠢ ᠭᠡᠰᠡᠨ ᠲᠠᠷᠨᠢ ᠪᠠᠨ ᠳᠠᠬᠢᠨ ᠳᠠᠬᠢᠨ ᠳᠠᠪᠲᠠᠵᠤ ᠨᠣᠮ ᠤᠩᠰᠢᠵᠤ ᠪᠠᠢᠬᠤ ᠪᠣᠯᠪᠠ᠃
   ᠬᠠᠷᠢᠨ ᠨᠥᠭᠥᠭᠡ ᠬᠤᠯᠠᠭᠠᠢᠴᠢ ᠳᠡᠭᠡᠷᠡᠮᠴᠢᠳ ᠦ᠋ᠨ ᠠᠪᠤᠭᠰᠠᠨ ᠲᠣᠳᠢ ᠨᠢ ᠳᠡᠭᠡᠷᠡᠮᠴᠢᠳ ᠪᠠ ᠲᠡᠳᠡᠨ ᠦ᠌ ᠭᠡᠷ ᠪᠦᠯᠢ ᠶ᠋ᠢᠨ ᠬᠢᠨ ᠦ᠌ ᠡᠲᠡᠭᠡᠳ ᠮᠠᠭᠤᠬᠠᠢ ᠶᠠᠷᠢᠶ᠎ᠠ ᠶ᠋ᠢ ᠰᠣᠨᠣᠰᠤᠭᠠᠳ ᠪᠦᠭᠦᠳᠡ ᠶ᠋ᠢ ᠨᠢ ᠴᠡᠭᠡᠵᠢᠯᠡᠨ ᠰᠤᠷᠴᠤ ᠪᠠᠢᠪᠠ᠃ ᠲᠡᠳᠡ ᠪᠣᠯ ᠲᠣᠰᠬᠣᠨ ᠤ᠋ ᠳᠡᠭᠡᠷᠡᠮᠴᠢᠳ ᠪᠥᠭᠡᠳ ᠲᠡᠳᠡ ᠡᠲᠡᠭᠡᠳ ᠦᠭᠡ ᠬᠡᠯᠡᠯᠭᠡ ᠪᠡᠷ ᠬᠣᠭᠣᠷᠣᠨᠳᠣ ᠪᠠᠨ ᠶᠠᠷᠢᠯᠴᠠᠳᠠᠭ ᠪᠠᠢᠭᠰᠠᠨ ᠶᠤᠮ ᠰᠠᠨᠵᠠᠢ᠃ ᠲᠣᠳᠢ ᠴᠤ᠌ ᠮᠥᠨ ᠲᠡᠭᠦᠨ ᠦ᠌ ᠦᠭᠡ ᠶᠠᠷᠢᠶ᠎ᠠ ᠪᠠᠷ᠄ 《 ᠪᠡᠷᠢ᠂ ᠪᠡᠷᠢ᠂ ᠪᠢᠲᠡᠭᠡᠢ ᠶᠠᠪᠤᠭᠤᠯ᠂ ᠭᠦᠶᠦᠭᠡᠷᠡᠢ᠂ ᠭᠦᠶᠦᠭᠡᠷᠡᠢ᠂ ᠪᠦᠰᠡᠯᠡᠵᠦ ᠠᠪᠤᠶ᠎ᠠ᠂ ᠵᠣᠳᠣ᠂ ᠵᠠᠨᠴᠢ᠂ ᠳᠡᠭᠡᠷᠡᠮᠳᠡ》 ᠭᠡᠮᠡᠨ ᠬᠡᠯᠡᠵᠦ ᠥᠭᠦᠯᠡᠳᠡᠭ ᠪᠣᠯᠪᠠ᠃ ᠬᠡᠨ ᠨᠢᠭᠡᠨ ᠲᠠᠨᠢᠬᠤ ᠦᠭᠡᠢ ᠮᠡᠳᠡᠬᠦ ᠦᠭᠡᠢ ᠬᠥᠮᠦᠨ ᠢ᠋ ᠬᠠᠷᠠᠩᠭᠤᠲᠠ ᠪᠠᠨ ᠲᠡᠷᠡ ᠲᠣᠳᠢ᠂ ᠲᠡᠢᠮᠦᠷᠬᠦᠦ ᠵᠠᠨᠤᠯᠬᠢᠯᠠᠭᠰᠠᠨ ᠦᠭᠡᠰ ᠢ᠋ᠶ᠋ᠡᠷ ᠶᠠᠷᠢᠵᠤ ᠡᠬᠢᠯᠡᠳᠡᠭ ᠪᠠᠢᠵᠠᠢ᠃
   ᠨᠢᠭᠡ ᠤᠳᠠᠭ᠎ᠠ ᠲᠣᠰᠬᠣᠨ ᠳ᠋ᠤ᠌ ᠵᠢᠭᠤᠯᠴᠢᠨ ᠢᠷᠡᠵᠡᠢ᠃ ᠲᠡᠷᠡ ᠲᠣᠰᠬᠣᠨ ᠤ᠋ ᠭᠤᠲᠤᠮ ᠢᠶᠠᠷ ᠬᠥᠯ ᠲᠠᠯᠪᠢᠮᠠᠭᠴᠠ ᠥᠨᠥᠬᠢ ᠳᠡᠭᠡᠷᠡᠮᠴᠢᠳ ᠦ᠋ᠨ ᠲᠣᠳᠢ ᠲᠡᠭᠦᠨ ᠢ᠋ ᠣᠯᠵᠤ ᠬᠠᠷᠠᠵᠠᠢ᠃ ᠲᠣᠳᠢ ᠳᠡᠷᠡᠨ ᠢ᠋ ᠬᠠᠷᠠᠭᠰᠠᠨ ᠳᠠᠷᠤᠢ᠄ 《 ᠪᠡᠷᠢ᠂ ᠪᠡᠷᠢ᠂ ᠪᠢᠲᠡᠭᠡᠢ ᠶᠠᠪᠤᠭᠤᠯ᠂ ᠭᠦᠶᠦᠭᠡᠷᠡᠢ᠂ ᠭᠦᠶᠦ᠂ ᠭᠦᠶᠦ᠂ ᠪᠦᠰᠡᠯᠡᠵᠦ ᠠᠪᠤᠶ᠎ᠠ᠂ ᠵᠣᠳᠣ᠂ ᠵᠠᠨᠴᠢ᠂ ᠳᠡᠭᠡᠷᠡᠮᠳᠡ》 ᠭᠡᠮᠡᠨ ᠥᠭᠦᠯᠡᠵᠦ ᠡᠬᠢᠯᠡᠪᠡ᠃ ᠳᠡᠷᠡᠨ ᠢ᠋ ᠵᠢᠭᠤᠯᠴᠢᠨ ᠰᠣᠨᠣᠰᠤᠭᠠᠳ ᠬᠢᠷᠳ᠋ᠬᠢᠨ ᠰᠣᠴᠢᠵᠤ᠂ ᠳᠠᠷᠤᠢ ᠰᠡᠷᠡᠮᠵᠢᠯᠡᠨ ᠬᠠᠯᠠᠭᠠᠰᠤᠨ ᠠ᠋ᠴᠠ ᠪᠠᠨ ᠭᠠᠷ ᠫᠤᠤ ᠭᠠᠷᠭᠠᠵᠤ ᠢᠷᠡᠪᠡ᠃ ᠣᠢᠷ᠎ᠠ ᠣᠷᠴᠢᠨ ᠢ᠋ᠶ᠋ᠠᠨ ᠠᠩᠬᠠᠷᠤᠨ ᠬᠠᠷᠠᠲᠠᠯ᠎ᠠ ᠬᠠᠷᠢᠨ ᠨᠢᠭᠡᠨ ᠲᠣᠳᠢ ᠰᠢᠪᠠᠭᠤ ᠲᠡᠢᠨᠬᠦ ᠥᠭᠦᠯᠡᠨ ᠬᠡᠯᠡᠵᠦ ᠪᠠᠢᠭᠰᠠᠨ ᠠᠵᠠᠢ᠃ ᠵᠢᠭᠤᠯᠴᠢᠨ ᠳᠡᠷᠡᠨ ᠢ᠋ ᠬᠠᠷᠠᠭᠠᠳ ᠰᠡᠳᠬᠢᠯ ᠲᠠᠢᠪᠤᠰᠢᠷᠠᠨ ᠭᠠᠷ ᠫᠤᠤ ᠪᠠᠨ ᠬᠠᠯᠠᠭᠠᠰᠤ ᠤᠷᠤᠭᠤ ᠪᠠᠨ ᠪᠤᠴᠠᠭᠠᠵᠤ ᠬᠢᠭᠡᠳ ᠴᠠᠭᠠᠱᠢ ᠪᠠᠨ ᠶᠠᠪᠤᠪᠠ᠃
   ᠳᠤᠲᠢᠨ ᠤ᠋ ᠶᠠᠷᠢᠬᠤ ᠶ᠋ᠢ ᠰᠣᠨᠣᠰᠤᠭᠰᠠᠨ ᠳᠡᠭᠡᠷᠡᠮᠴᠢᠳ ᠥᠪᠡᠷ ᠥᠪᠡᠷ ᠦ᠋ᠨ ᠢ᠋ᠶ᠋ᠡᠨ ᠭᠡᠷ ᠳᠣᠲᠣᠷ᠎ᠠ ᠠ᠋ᠴᠠ ᠱᠠᠭᠠᠢᠵᠤ ᠬᠠᠷᠠᠪᠠᠰᠤ ᠨᠢᠭᠡ ᠦᠵᠡᠭᠳᠡᠭᠡ ᠦᠭᠡᠢ ᠬᠥᠮᠦᠨ ᠶᠠᠪᠤᠵᠤ ᠪᠠᠢᠵᠤ ᠭᠡᠨ᠎ᠡ᠃ ᠭᠡᠪᠡᠴᠦ ᠵᠢᠭᠤᠯᠴᠢᠨ ᠤ᠋ ᠫᠤᠤ ᠭᠠᠷᠭᠠᠬᠤ ᠶ᠋ᠢ ᠬᠠᠷᠠᠭᠠᠳ ᠲᠡᠭᠦᠨ ᠳ᠋ᠦ᠍ ᠭᠠᠷ ᠬᠦᠷᠤᠯ ᠦᠭᠡᠢ ᠥᠩᠭᠡᠷᠡᠭᠦᠯᠵᠦ ᠭᠡᠨ᠎ᠡ᠃
ᠵᠢᠭᠤᠯᠴᠢᠨ ᠴᠠᠭᠠᠱᠢ ᠠᠶᠠᠯᠠᠨ ᠶᠠᠪᠤᠭᠰᠠᠭᠠᠷ ᠥᠨᠥᠬᠢ ᠯᠠᠮ᠎ᠠ ᠶ᠋ᠢᠨ ᠭᠡᠷ ᠦ᠋ᠨ ᠣᠢᠷᠠᠯᠴᠠᠭ᠎ᠠ ᠬᠦᠷᠴᠦ ᠢᠷᠡᠪᠡ᠃ ᠡᠨᠡ ᠦᠶ᠎ᠡ ᠳ᠋ᠦ᠍ ᠯᠠᠮᠠᠲᠠᠨ ᠤ᠋ ᠲᠡᠵᠢᠭᠡᠭᠰᠡᠨ ᠲᠣᠳᠢ ᠵᠢᠭᠤᠯᠴᠢᠨ ᠢ᠋ ᠬᠠᠷᠠᠭᠠᠳ᠄ 《ᠠᠳᠢᠰ ᠬᠡᠰᠢᠭ᠂ ᠲᠠᠬᠢᠯ ᠢᠳᠡᠭᠡ ᠬᠦᠷᠲᠡᠭᠡᠷᠡᠢ᠂ ᠠᠮᠤᠷ ᠠᠮᠤᠭᠤᠯᠠᠩ ᠪᠠᠢᠭᠲᠤᠨ᠃》 ᠭᠡᠵᠦ ᠠᠶᠠᠯᠭᠤᠯᠠᠨ ᠬᠡᠯᠡᠵᠦ ᠭᠠᠷᠴᠠᠢ᠃ ᠵᠢᠭᠤᠯᠴᠢᠨ ᠲᠡᠳᠡᠭᠡᠷ ᠤᠷᠢᠨ ᠵᠠᠯᠠᠭᠰᠠᠨ ᠦᠭᠡᠰ ᠢ᠋ ᠰᠣᠨᠣᠰᠤᠭᠠᠳ ᠶᠡᠬᠡᠳᠡ ᠪᠠᠶᠠᠷᠯᠠᠨ ᠬᠡᠢᠳ ᠲᠦ᠍ ᠣᠷᠣᠵᠤ ᠲᠣᠳᠢ ᠶ᠋ᠢ ᠥᠬᠥᠭᠡᠷᠳᠡᠨ ᠬᠠᠢᠷᠠᠯᠠᠵᠤ ᠪᠠᠢᠲᠠᠯ᠎ᠠ ᠲᠣᠳᠢ ᠠᠶᠠᠯᠭᠤᠲᠤ ᠰᠠᠢᠬᠠᠨ ᠳᠠᠭᠤ ᠪᠠᠷ᠄ 《ᠰᠠᠢᠨ ᠲᠠᠢ ᠨᠥᠬᠥᠷᠯᠡᠪᠡᠯ ᠰᠠᠷᠠᠨ ᠤ᠋ ᠭᠡᠷᠡᠯ ᠂ ᠮᠠᠭᠤ ᠲᠠᠢ ᠨᠥᠬᠥᠷᠯᠡᠪᠡᠯ ᠮᠣᠭᠠᠢ ᠶ᠋ᠢᠨ ᠬᠣᠣᠷᠯᠠᠯ》 ᠭᠡᠮᠡᠨ ᠬᠡᠯᠡᠵᠡᠢ᠃
   ᠵᠢᠭᠤᠯᠴᠢᠨ ᠤᠷᠢᠳ ᠲᠣᠰᠬᠣᠨ ᠢ᠋ᠶ᠋ᠠᠷ ᠳᠠᠭᠠᠷᠢᠵᠤ ᠥᠩᠭᠡᠷᠡᠬᠦ ᠦᠶ᠎ᠡ ᠳ᠋ᠦ᠍᠂ ᠨᠢᠭᠡᠨ ᠲᠣᠳᠢ ᠶ᠋ᠢᠨ ᠬᠡᠯᠡᠵᠦ ᠥᠭᠦᠯᠡᠵᠦ ᠪᠠᠢᠭᠰᠠᠨ ᠦᠭᠡᠰ ᠢ᠋ ᠭᠡᠨᠡᠳᠲᠡ ᠰᠠᠨᠠᠪᠠ᠃ ᠲᠡᠷᠡ ᠲᠣᠳᠢ ᠶ᠋ᠢᠨ ᠳᠠᠭᠤ ᠬᠣᠭᠣᠯᠠᠢ ᠴᠤ᠌ ᠬᠠᠬᠢᠷ ᠬᠠᠲᠠᠭᠤ ᠮᠠᠭᠤᠬᠠᠢ ᠪᠠᠢᠭᠰᠠᠨ᠂ ᠬᠠᠷᠢᠨ ᠡᠨᠡ ᠯᠠᠮᠠᠲᠠᠨ ᠤ᠋ ᠲᠣᠳᠢ ᠶ᠋ᠢᠨ ᠳᠠᠭᠤ ᠬᠣᠭᠣᠯᠠᠢ ᠶᠠᠭᠤᠲᠠᠢ ᠰᠠᠢᠬᠠᠨ ᠠᠵᠠᠢ ᠭᠡᠮᠡᠨ ᠪᠣᠳᠣᠪᠠ᠃ ᠡᠨᠡ ᠶᠠᠪᠤᠳᠠᠯ ᠠ᠋ᠴᠠ ᠵᠢᠭᠤᠯᠴᠢᠨ《 ᠠᠯᠲᠠᠨ ᠤ᠋ ᠳᠡᠷᠭᠡᠳᠡᠬᠢ ᠭᠠᠤᠯᠢ ᠰᠢᠷᠠᠯᠠᠳᠠᠭ》 ᠭᠡᠭᠴᠢ ᠪᠡᠷ ᠰᠠᠢᠨ ᠬᠥᠮᠦᠰ ᠲᠡᠢ ᠬᠠᠮᠲᠤ ᠪᠠᠢᠬᠤ ᠳ᠋ᠤ᠌ ᠰᠠᠢᠨ ᠰᠠᠢᠬᠠᠨ ᠵᠦᠢᠯ ᠢ᠋ ᠰᠤᠷᠳᠠᠭ᠂ ᠮᠥᠨ ᠮᠠᠭᠤ ᠬᠥᠮᠦᠰ ᠲᠡᠢ ᠬᠠᠮᠲᠤ ᠪᠠᠢᠪᠠᠯ ᠮᠠᠭᠤ ᠮᠠᠭᠤᠬᠠᠢ ᠶᠠᠭᠤᠮ᠎ᠠ ᠰᠤᠷᠳᠠᠭ ᠪᠣᠯᠬᠤ ᠶ᠋ᠢ ᠪᠣᠳᠠᠲᠤ ᠪᠠᠷ ᠤᠬᠠᠭᠠᠷᠠᠵᠤ ᠠᠪᠴᠠᠢ᠃

   ᠦᠰᠦᠭ ᠠᠮᠢᠯᠠᠭᠤᠯᠵᠤ᠂ ᠦᠰᠦᠭ ᠬᠠᠲᠠᠭᠰᠠᠨ ᠨᠢ᠄ ᠪᠠᠶᠠᠨᠲᠠᠨ᠎ᠠ
   ᠬᠢᠨᠠᠯᠲᠠ ᠬᠢᠭᠰᠡᠨ ᠨᠢ᠄ ᠣᠶᠤᠨᠲᠤᠶᠠᠭ᠎ᠠ᠂ᠪᠠᠶᠠᠷᠴᠡᠴᠡᠭ