ᠬᠠᠪᠲᠠᠭᠠᠢ ᠴᠠᠭᠠᠨ(ᠰᠣᠷᠪᠣᠭᠤ)Хавтгай цагаан(сорвуу)

ᠬᠠᠪᠲᠠᠭᠠᠢ ᠴᠠᠭᠠᠨ(ᠰᠣᠷᠪᠣᠭᠤ)
ᠦᠶᠡᠲᠦ ᠤᠷᠭᠤᠮᠠᠯ ᠤ᠋ᠨ ᠢᠵᠠᠭᠤᠷ
ᠰᠦᠷᠡᠯ ᠨᠢ45—100cm ᠥᠨᠳᠥᠷ ᠰᠢᠯᠤᠭᠤᠨ ᠤᠷᠭᠤᠨ᠎ᠠ᠂ ᠦᠨᠳᠦᠰᠦᠯᠢᠭ ᠡᠰᠢ ᠲᠡᠢ᠃ ᠨᠠᠪᠴᠢᠨ ᠤ᠋ ᠲᠣᠭᠳᠣᠢ ᠨᠢ ᠭᠥᠯᠢᠭᠡᠷ ᠪᠤᠶᠤ ᠪᠠᠬᠠᠨ ᠠᠷᠵᠠᠭᠠᠷ; ᠨᠠᠪᠴᠢᠨ ᠤ᠋ ᠬᠡᠯᠡ ᠨᠢ ᠲᠣᠷᠭᠠᠨ ᠬᠠᠯᠢᠰᠤᠯᠢᠭ᠂5—9mm ᠤᠷᠲᠤ᠂ ᠬᠢᠯᠪᠠᠷ ᠰᠡᠲᠡᠷᠡᠳᠡᠭ ᠱᠣᠪᠣᠭᠣᠷ ᠦᠵᠦᠭᠦᠷ ᠲᠡᠢ; ᠨᠠᠪᠴᠢ ᠨᠢ ᠪᠦᠰᠡ ᠬᠡᠯᠪᠡᠷᠢᠲᠡᠢ᠂ ᠲᠡᠭᠰᠢᠬᠡᠨ ᠬᠠᠪᠲᠠᠭᠠᠢ ᠪᠤᠶᠤ ᠳᠣᠲᠣᠭᠰᠢ ᠬᠤᠮᠢᠷᠠᠨ᠎ᠠ᠂15—27cm ᠤᠷᠲᠤ᠂5—6mm ᠥᠷᠭᠡᠨ᠂ ᠳᠡᠭᠡᠳᠦ ᠲᠠᠯ᠎ᠠ ᠪᠣᠯᠤᠨ ᠬᠥᠪᠡᠭᠡ ᠨᠢ ᠰᠢᠷᠦᠭᠦᠨ᠂ ᠠᠷᠤ ᠲᠠᠯ᠎ᠠ ᠨᠢ ᠭᠢᠯᠦᠭᠡᠷ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠢᠭᠴᠤ᠂ ᠰᠢᠯᠤᠭᠤᠨ᠂10—20cm ᠤᠷᠲᠤ᠂ ᠳᠤᠮᠳᠠ ᠨᠢ ᠴᠡᠴᠡᠭ ᠦᠭᠡᠢ ᠬᠡᠰᠡᠭ ᠲᠡᠢ; ᠵᠢᠵᠢᠭ ᠲᠦᠷᠦᠭᠦᠦ ᠨᠢ ᠪᠦᠰᠡ ᠬᠡᠯᠪᠡᠷᠢ ᠲᠡᠢ᠂5—7mm ᠤᠷᠲᠤ᠂ ᠴᠠᠢᠪᠤᠷ ᠨᠣᠭᠣᠭᠠᠨ ᠪᠤᠶᠤ ᠪᠠᠬᠠᠨ ᠪᠣᠷᠣᠪᠲᠤᠷ; ᠬᠣᠶᠠᠷ ᠬᠠᠯᠢᠰᠤ ᠨᠢ ᠪᠠᠷᠤᠭ ᠢᠵᠢᠯ ᠪᠤᠶᠤ ᠬᠣᠶᠠᠳᠤᠭᠠᠷ ᠬᠠᠯᠢᠰᠤ ᠨᠢ ᠪᠠᠬᠠᠨ ᠣᠬᠣᠷ᠂ ᠡᠪᠡᠰᠦᠯᠢᠭ᠂ ᠨᠢᠭᠡ ᠰᠤᠳᠠᠯ ᠲᠠᠢ᠂ ᠡᠰᠡᠬᠦᠯ᠎ᠡ ᠬᠣᠶᠠᠳᠤᠭᠠᠷ ᠬᠠᠯᠢᠰᠤ ᠨᠢ ᠭᠤᠷᠪᠠᠨ ᠰᠤᠳᠠᠯ ᠲᠠᠢ; ᠭᠠᠳᠠᠷ ᠬᠡᠪᠡᠭ ᠨᠢ ᠲᠣᠷᠭᠠᠨ ᠬᠠᠯᠢᠰᠤᠯᠢᠭ᠂ ᠬᠠᠯᠢᠰᠤ ᠶ᠋ᠢᠨ ᠬᠠᠭᠠᠰ ᠴᠢᠨᠡᠭᠡ ᠤᠷᠲᠤ᠂ ᠣᠨᠢ ᠪᠦᠬᠦᠢ ᠦᠵᠦᠭᠦᠷ ᠲᠡᠢ᠂ ᠰᠠᠭᠤᠷᠢ ᠲᠠᠪᠠᠭ ᠤ᠋ᠨ ᠤᠷᠲᠤ ᠦᠰᠦ ᠨᠢ ᠬᠠᠯᠢᠰᠤ ᠲᠠᠢ ᠪᠠᠨ ᠲᠡᠩᠴᠡᠭᠦᠦ ᠰᠢᠬᠠᠭᠤ ᠤᠷᠲᠤ; ᠭᠠᠳᠠᠷ ᠬᠡᠪᠡᠭ ᠦ᠋ᠨ ᠠᠷᠤ ᠲᠠᠯ᠎ᠠ ᠶ᠋ᠢᠨ ᠳᠤᠮᠳᠠ ᠬᠡᠰᠡᠭ ᠪᠤᠶᠤ ᠳᠤᠮᠳᠠ ᠠ᠋ᠴᠠ ᠵᠢᠭᠠᠬᠠᠨ ᠳᠡᠭᠡᠭᠰᠢ ᠬᠡᠰᠡᠭ ᠡᠴᠡ2—3mm ᠤᠷᠲᠤ ᠰᠢᠯᠤᠭᠤᠨ ᠰᠤᠷ ᠤᠷᠭᠤᠨ᠎ᠠ; ᠳᠣᠲᠣᠷ ᠬᠡᠪᠡᠭ ᠨᠢ ᠭᠠᠳᠠᠷ ᠬᠡᠪᠡᠭ ᠦ᠋ᠨ ᠭᠤᠷᠪᠠᠨ ᠤ᠋ ᠬᠣᠶᠠᠷ ᠴᠢᠨᠡᠭᠡ ᠤᠷᠲᠤ᠂ ᠨᠠᠷᠢᠨ ᠬᠡᠷᠴᠢᠶᠡᠰᠤᠲᠤ ᠦᠵᠦᠭᠦᠷ ᠲᠡᠢ; ᠡᠷ᠎ᠡ ᠲᠣᠭᠣᠷᠴᠣᠭ ᠨᠢ ᠭᠤᠷᠪᠠ᠂1.5mm ᠤᠷᠲᠤ ᠰᠢᠷ᠎ᠠ ᠲᠣᠭᠣᠰᠣᠪᠴᠢ ᠲᠠᠢ; ᠤᠮᠠᠢ ᠨᠢ ᠥᠨᠳᠡᠭᠡᠯᠵᠢᠨ᠂ ᠬᠣᠶᠠᠷ ᠥᠳᠥᠯᠢᠭ ᠪᠠᠭᠠᠨ᠎ᠠ ᠶ᠋ᠢᠨ ᠠᠮᠠᠰᠠᠷ ᠲᠠᠢ᠃
ᠴᠢᠭᠢᠭᠲᠡᠢ ᠬᠣᠲᠣᠭᠣᠷ ᠭᠠᠵᠠᠷ᠂ ᠡᠯᠡᠰᠦᠷᠬᠡᠭ ᠭᠠᠵᠠᠷ᠂ ᠬᠠᠲᠠᠮᠠᠯ ᠭᠣᠣᠯ ᠤ᠋ᠨ ᠬᠥᠪᠡᠭᠡ ᠪᠡᠷ ᠤᠷᠭᠤᠨ᠎ᠠ ᠃
ᠮᠠᠨ ᠤ ᠤᠯᠤᠰ ᠤᠨ ᠡᠯ᠎ᠡ ᠮᠤᠵᠢ ᠣᠷᠣᠨ ᠳᠤ ᠪᠠᠷᠤᠭ ᠪᠦᠷ ᠤᠷᠭᠤᠨ᠎ᠠ᠃
ᠰᠠᠢᠨ ᠪᠣᠷᠳᠣᠭ᠎ᠠ ᠡᠪᠡᠰᠦ᠂ ᠰᠦᠷᠡᠯ ᠢ᠋ ᠨᠢ ᠴᠢᠬᠢᠷᠰᠦ ᠬᠥᠷᠥᠬᠦ ᠪᠠ ᠭᠡᠷ ᠪᠠᠷᠢᠯᠭ᠎ᠠ ᠳ᠋ᠤ᠌ ᠬᠡᠷᠡᠭᠯᠡᠨ᠎ᠡ᠃ ᠦᠨᠳᠦᠰᠦᠯᠢᠭ ᠡᠰᠢ ᠨᠢ ᠬᠥᠭᠵᠢᠯᠲᠡ ᠲᠡᠢ ᠪᠥᠭᠡᠳ ᠬᠤᠵᠢᠷ ᠲᠤ᠌ ᠲᠡᠰᠪᠦᠷᠢᠲᠡᠢ ᠲᠤᠯᠠ ᠰᠢᠪᠠᠷ ᠰᠢᠷᠣᠢ ᠶ᠋ᠢ ᠲᠣᠭᠲᠠᠭᠠᠵᠤ ᠭᠣᠣᠯ ᠤ᠋ᠨ ᠡᠬᠢ ᠶ᠋ᠢ ᠬᠠᠮᠠᠭᠠᠯᠠᠬᠤ ᠤᠷᠭᠤᠮᠠᠯ ᠮᠥᠨ᠃
ᠬᠢᠲᠠᠳ ᠨᠡᠷ᠎ᠡ᠄拂孑茅
ᠠᠩᠭ᠌ᠯᠢ ᠨᠡᠷ᠎ᠡ᠄Calamagrostis epigeios(L.) Roth
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠫᠣ· ᠴᠠᠭᠠᠨ
