ᠲᠤᠭᠤᠷᠭᠠᠨ ᠤ᠋ ᠵᠢᠷᠤᠭ ᠢ᠋ ᠦᠵᠡᠪᠡᠯ- ᠳ· ᠨᠠᠴᠤᠭᠳᠣᠷᠵᠢТуурганы жиргийг үзвэл-Д.Нацагдорж
ᠲᠤᠭᠤᠷᠭᠠᠨ ᠤ᠋ ᠵᠢᠷᠤᠭ ᠢ᠋ ᠦᠵᠡᠪᠡᠯ
ᠳ· ᠨᠠᠴᠤᠭᠳᠣᠷᠵᠢ
ᠶᠢᠷᠲᠢᠨᠴᠦ ᠶ᠋ᠢᠨ ᠳᠥᠴᠢᠳᠦᠭᠡᠷ ᠪᠦᠰᠡᠯᠡᠭᠦᠷ ᠳᠡᠭᠡᠷ᠎ᠡ ᠣᠷᠣᠰᠢᠭᠴᠢ
ᠢᠲ᠋ᠠᠯᠢ ᠣᠷᠣᠨ ᠶᠠᠭᠤ ᠲᠠᠢ ᠰᠠᠢᠬᠠᠨ ᠤᠯᠠᠷᠢᠯ ᠲᠠᠢ ᠪᠣᠢ?
ᠵᠤᠨ ᠤ᠋ ᠰᠠᠢᠬᠠᠨ ᠨᠠᠷᠠ ᠭᠧᠨᠥ᠋ᠶᠠ ᠬᠣᠲᠠ ᠶ᠋ᠢ ᠭᠡᠷᠡᠯᠲᠦᠭᠦᠯᠵᠦ
ᠲᠣᠨᠣᠭᠰᠠᠨ ᠬᠥᠬᠡ ᠳᠠᠯᠠᠢ ᠦᠵᠡᠰᠬᠦᠯᠡᠩᠲᠦ ᠬᠠᠷᠰᠢ ᠳ᠋ᠤ᠌ ᠲᠤᠯᠵᠠᠢ᠃
ᠭᠤᠸ᠎ᠠ ᠵᠠᠯᠠᠭᠤ ᠥᠬᠢᠨ ᠮᠢᠨᠳᠠᠰᠤᠨ ᠰᠢᠭᠦᠷ ᠦ᠋ᠨ ᠰᠡᠭᠦᠳᠡᠷ ᠲᠦ᠍
ᠢᠨᠠᠭ ᠰᠡᠳᠬᠢᠯ ᠦ᠋ᠨ ᠢ᠋ᠶ᠋ᠡᠨ ᠢᠷᠠᠭᠤ ᠳᠠᠭᠤᠤ ᠶ᠋ᠢ ᠤᠶᠠᠷᠠᠨ ᠳᠠᠭᠤᠯᠠᠵᠤ ᠰᠠᠭᠤᠨ᠎ᠠ᠃
ᠵᠢᠪᠬᠤᠯᠠᠩᠲᠤ ᠢᠳᠡᠷ ᠡᠷ᠎ᠡ ᠳᠠᠯᠪᠠᠭᠠᠲᠤ ᠣᠩᠭᠣᠴᠠᠨ ᠳ᠋ᠤ᠌ ᠰᠠᠭᠤᠵᠤ
ᠵᠢᠷᠭᠠᠯ ᠢ᠋ᠶ᠋ᠠᠨ ᠮᠥᠷᠥᠭᠡᠳᠦᠨ ᠰᠠᠭᠤᠭ᠎ᠠ ᠲᠡᠷᠡ ᠥᠬᠢᠨ ᠳᠠᠰᠢ ᠶᠠᠭᠠᠷᠠᠨ᠎ᠠ᠃
ᠤᠳᠠᠬᠤ ᠦᠭᠡᠢ ᠤᠴᠠᠷᠠᠯᠳᠤᠵᠤ ᠭᠠᠷ ᠪᠠᠷᠢᠯᠴᠠᠨ ᠣᠩᠭᠣᠴᠠᠨ ᠳ᠋ᠠᠭᠠᠨ ᠰᠠᠭᠤᠨ
ᠰᠠᠯᠬᠢᠨ ᠤ᠋ ᠡᠰᠡᠷᠭᠦ ᠲᠡᠷᠡ ᠬᠣᠶᠠᠷ ᠴᠢᠨᠠᠭᠰᠢᠯᠠᠨ ᠣᠳᠤᠨ᠎ᠠ᠃
ᠭᠦᠨ ᠳᠠᠯᠠᠢ ᠶ᠋ᠢᠨ ᠡᠵᠡᠭᠦᠢ ᠠᠷᠠᠯ ᠳᠡᠭᠡᠷ᠎ᠡ ᠯᠠᠪ ᠣᠴᠢᠨ᠎ᠠ᠃
ᠮᠢᠩᠭᠠᠨᠲᠠ ᠲᠡᠪᠡᠷᠢᠯᠳᠦᠨ ᠲᠦᠮᠡᠨᠲᠡ ᠦᠨᠦᠰᠦᠯᠳᠦᠵᠦ ᠬᠠᠢᠷ᠎ᠠ ᠪᠠᠨ ᠢᠯᠡᠴᠢᠯᠡᠨ᠎ᠡ᠃
1930 ᠣᠨ
ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ
ᠬᠢᠨᠠᠭᠴᠢ᠄ ᠭᠠᠷᠮ᠎ᠠ᠂ ᠤᠳᠬᠠᠨᠰᠣ᠎ᠠ
