ᠲᠦᠮᠡᠳ ᠬᠣᠰᠢᠭᠤᠨ ᠨᠠᠭᠠᠳᠤᠮ – ᠶᠣᠨᠳᠣᠨ ᠤ ᠪᠢᠯᠢᠭ᠌ - ᠪᠠᠭᠠᠲᠤᠷ Түмэт хошуун наадам - Ёндоны Билиг - Баатар
ᠲᠦᠮᠡᠳ ᠬᠣᠰᠢᠭᠤᠨ ᠨᠠᠭᠠᠳᠤᠮ
ᠠᠯᠲᠠᠨ ᠬᠠᠭᠠᠨ ᠤ᠋ ᠤᠤᠭᠠᠨ ᠨᠡᠢᠰᠯᠡᠯ ᠠᠨᠤ
ᠡᠳᠦᠭᠡ ᠥᠪᠥᠷ ᠮᠣᠩᠭᠣᠯ ᠤ᠋ᠨ ᠬᠥᠬᠡᠬᠣᠲᠠ
ᠳᠡᠯᠡᠬᠡᠢ ᠶ᠋ᠢᠨ ᠰᠤᠤ ᠲᠠᠪᠤᠨ ᠱᠠᠰᠢᠨ ᠤ᠋ ᠰᠤᠷ
ᠱᠠᠭᠵᠠᠮᠤᠨᠢ ᠪᠤᠷᠬᠠᠨ ᠤ᠋ ᠱᠠᠰᠢᠨ ᠳ᠋ᠤᠷ ᠮᠥᠷᠭᠥᠮᠦ
ᠲᠡᠭᠷᠢ ᠶ᠋ᠢ ᠤᠶᠠᠰᠬᠠᠨ ᠲᠦᠮᠡᠳ ᠢ᠋ ᠲᠡᠳᠬᠦᠨ
ᠠᠤᠭ᠎ᠠ ᠬᠠᠭᠠᠨ ᠠᠯᠲᠠᠨ ᠢ᠋ ᠱᠠᠯ ᠪᠠᠶᠠᠰᠬᠠᠨ
ᠲᠦᠮᠡᠳ ᠦ᠋ᠨ ᠴᠡᠯᠡᠭᠡᠷ ᠲᠠᠯ᠎ᠠ ᠳᠡᠨᠵᠢᠨᠡ
ᠲᠡᠷᠢᠭᠦᠯᠡᠭᠴᠢ ᠤᠯᠠᠭᠠᠨᠬᠦᠦ ᠶ᠋ᠢᠨ ᠭᠠᠯ ᠨᠤᠲᠤᠭ ᠲᠤ᠌
ᠴᠢᠩᠭᠢᠰ ᠬᠠᠭᠠᠨ ᠲᠠᠯᠠᠪᠠᠢ ᠶ᠋ᠢᠨ ᠬᠠᠶᠠᠭᠠᠨ ᠳ᠋ᠤ᠌
ᠳᠡᠯᠡᠬᠡᠢ ᠶ᠋ᠢᠨ ᠬᠥᠳᠡᠯᠮᠦᠷᠢᠴᠢᠨ ᠦ᠌ ᠪᠠᠶᠠᠷ ᠢ᠋ᠶ᠋ᠠᠷ
ᠢᠳᠡᠷ ᠵᠠᠯᠠᠭᠤ ᠱᠠᠯ ᠮᠣᠩᠭᠣᠯ ᠪᠥᠬᠡᠴᠦᠦᠯ ᠮᠢᠨᠢ
ᠢᠳᠡ ᠰᠢᠳᠢ ᠶ᠋ᠢ ᠳᠡᠩᠳᠡᠭᠦᠦ ᠭᠠᠢᠬᠠᠭᠤᠯᠤᠭᠠᠳ
ᠢᠯᠭᠤᠭᠰᠠᠨ 256 ᠣᠳᠣᠳ ᠵᠠᠢ ᠮᠠᠭᠰᠢᠯᠠ
ᠢᠯᠡᠭᠦᠦ ᠳᠤᠲᠠᠭᠤ ᠡᠷᠡᠭᠦᠯ ᠮᠠᠷᠭᠤᠭᠠᠨ ᠲᠠᠢ ᠴᠤ᠌
ᠡᠵᠡᠨ ᠦ᠌ ᠪᠡᠨ ᠢᠪᠡᠭᠡᠯ ᠬᠡᠰᠢᠭ ᠢ᠋ ᠰᠢᠲᠦᠵᠦ
ᠮᠥᠩᠬᠡ ᠲᠡᠭᠷᠢ ᠲᠡᠢ ᠪᠡᠨ ᠴᠠᠯᠭᠢᠭᠤᠯᠤᠨ ᠡᠷᠭᠦᠵᠦ
ᠮᠤᠩ ᠬᠡᠢᠮᠣᠷᠢ ᠶ᠋ᠢ ᠪᠠᠳᠠᠷᠠᠩᠭᠤᠢ ᠪᠦᠲᠦᠭᠡᠵᠦ
ᠣᠭᠲᠠᠷᠭᠤᠢ ᠶ᠋ᠢ ᠬᠠᠯᠢᠮᠤ ᠰᠢᠭ᠋ ᠰᠡᠯᠢᠭᠦᠷᠳᠡᠩᠬᠡᠨ
ᠣᠷᠴᠢᠯᠠᠩ ᠤ᠋ᠨ ᠬᠦᠴᠦ ᠡᠷᠴᠢᠰ ᠬᠤᠷᠤᠢᠯᠠᠩᠬᠠᠨ
ᠠᠷᠢᠭᠤᠨ ᠭᠣᠶᠣ ᠮᠠᠨᠳᠠᠯᠲᠤ ᠬᠥᠬᠡᠬᠣᠲᠠ ᠶ᠋ᠢᠨ
ᠲᠦᠮᠡᠳ ᠵᠡᠭᠦᠨ ᠬᠤᠰᠢᠭᠤᠨ ᠤ᠋ ᠪᠠᠨ
ᠬᠠᠷ᠎ᠠ ᠣᠰᠤᠨ᠎ᠠ ᠶᠣᠰᠣᠲᠠᠢ ᠲᠠᠴᠢᠭᠢᠨᠠᠯᠠ
ᠨᠠᠭᠠᠳᠤᠮᠴᠢᠳ ᠤ᠋ᠨ ᠠᠭᠠᠭ ᠲᠠᠢ ᠨᠠᠢᠷ ᠤ᠋ᠨ
ᠠᠯᠲᠠᠨ ᠲᠣᠭᠣᠰᠣ ᠪᠠᠷ ᠷᠠᠰᠢᠶᠠᠯᠠᠨ ᠮᠢᠯᠢᠶᠠᠵᠤ
ᠥᠨᠳᠥᠷ ᠦ᠋ᠨ ᠥᠨᠳᠥᠷ ᠦ᠋ᠨ
ᠮᠠᠰᠢᠳᠠ ᠥᠨᠳᠥᠷ ᠮᠠᠩᠯᠠᠢ ᠵᠤᠯᠠᠢ
ᠳᠠᠯᠠᠨ ᠬᠠᠷ᠎ᠠ ᠶ᠋ᠢᠨ ᠢ᠋ᠶ᠋ᠡᠨ ᠬᠣᠷᠮᠣᠢ ᠳ᠋ᠤ᠌
ᠰᠠᠨᠰᠠᠷᠯᠢᠭ ᠠᠬᠤᠢ ᠶ᠋ᠢ ᠭᠣᠢᠳᠠ ᠪᠦᠲᠦᠭᠡᠪᠡᠢ
ᠯᠤᠤᠲᠤ ᠵᠢᠯ ᠦ᠋ᠨ ᠯᠤᠤᠰ ᠪᠠᠶᠠᠰᠤᠭᠠᠳ ᠯᠠ
ᠯᠤᠲᠤ ᠬᠦᠴᠦᠷᠬᠡᠭ ᠪᠣᠯᠪᠠᠰᠤᠨ ᠳᠡᠯᠭᠡᠷᠡᠭᠡᠳ
ᠯᠣᠨᠳᠣᠨ ᠬᠣᠲᠠ ᠬᠦᠷᠲᠡᠯ᠎ᠡ ᠴᠤᠤᠷᠢᠶᠠᠯᠠᠭᠰᠠᠨ
ᠯᠣᠣᠽᠢ ᠶ᠋ᠢᠨ ᠰᠦᠨᠡᠰᠦ ᠶ᠋ᠢ ᠴᠤ᠌ ᠠᠢᠷᠠᠭᠯᠠᠭᠰᠠᠨ
ᠮᠤᠨᠳᠠᠭ ᠤ᠋ᠨ ᠮᠤᠨᠳᠠᠭ ᠰᠠᠢᠬᠠᠨ
ᠨᠠᠭᠠᠳᠤᠮ ᠪᠣᠯᠵᠤ ᠥᠩᠭᠡᠷᠡᠯ᠎ᠡ
ᠮᠣᠩᠭᠣᠯᠯᠢᠶᠠ ᠭᠠᠩᠭᠠᠩ ᠨᠠᠢᠷ
ᠮᠣᠬᠣᠰᠢ ᠦᠭᠡᠢ ᠦᠷᠭᠦᠯᠵᠢᠯᠡᠬᠦ ᠨᠢ ᠳᠧ
ᠮᠥᠩᠬᠡ ᠲᠡᠭᠷᠢ ᠶ᠋ᠢᠨ ᠳᠣᠣᠷ᠎ᠠ
ᠮᠢᠩᠭ᠎ᠠ ᠮᠢᠠᠩᠭᠠᠨ ᠮᠣᠩᠭᠣᠯ ᠨᠠᠭᠠᠳᠤᠮ ᠠ᠋
2024᠂ 5᠂ 1 – 5᠂ 2᠃
ᠨᠠᠭᠠᠳᠤᠮ ᠤ᠋ᠨ ᠠᠬᠤᠢ ᠲᠠᠯᠠᠪᠠᠢ ᠳ᠋ᠤ᠌᠃
ᠵᠡᠭᠦᠨ ᠲᠦᠮᠡᠳ ᠬᠤᠰᠢᠭᠤᠨ ᠤ᠋
ᠬᠠᠷ᠎ᠠ ᠣᠰᠤᠨ᠎ᠠ ᠪᠦᠲᠦᠭᠡᠪᠡᠢ᠃
