ᠤᠯᠤᠰ ᠤ᠋ᠨ ᠨᠠᠭᠠᠳᠤᠮ- ᠳ· ᠨᠠᠴᠤᠭᠳᠣᠷᠵᠢУлсын наадам-Д.Нацагдорж
ᠤᠯᠤᠰ ᠤ᠋ᠨ ᠨᠠᠭᠠᠳᠤᠮ
ᠳ· ᠨᠠᠴᠤᠭᠳᠣᠷᠵᠢ
ᠵᠢᠯ ᠪᠦᠷᠢ ᠶ᠋ᠢᠨ ᠳᠣᠯᠣᠭᠠᠨ ᠰᠠᠷ᠎ᠠ ᠳ᠋ᠤ᠌
ᠵᠤᠨ ᠤ᠋ ᠰᠠᠢᠬᠠᠨ ᠨᠠᠢᠷ ᠲᠠᠢ᠂
ᠵᠦᠢᠯ ᠪᠦᠷᠢ ᠶ᠋ᠢᠨ ᠪᠣᠳᠠᠰ ᠳᠡᠯᠭᠡᠷᠡᠭᠡᠳ
ᠵᠤᠭᠠᠴᠠᠨ ᠨᠠᠭᠠᠳᠬᠤ ᠳ᠋ᠤ᠌ ᠪᠠᠬᠠᠲᠠᠢ᠃
ᠪᠣᠭᠳᠠ ᠠᠭᠤᠯᠠ ᠶ᠋ᠢᠨ ᠢ᠋ᠶ᠋ᠡᠨ ᠪᠠᠯ ᠳᠡᠭᠡᠷ᠎ᠡ
ᠲᠤᠤᠯᠠ ᠭᠣᠣᠯ ᠤ᠋ᠨ ᠬᠥᠪᠡᠭᠦᠨ ᠳᠡᠭᠡᠷ᠎ᠡ
ᠲᠦᠪᠰᠢᠨ ᠰᠠᠢᠬᠠᠨ ᠪᠤᠶᠠᠨᠲᠤ ᠬᠣᠲᠠ ᠳ᠋ᠤ᠌
ᠲᠦᠮᠡᠨ ᠠᠷᠠᠳ ᠨᠠᠭᠠᠳᠤᠮ ᠬᠢᠳᠡᠭ᠃
ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ
ᠪᠦᠬᠦᠩᠬᠢ ᠠᠷᠠᠳ ᠨᠢ ᠴᠤᠭᠯᠠᠷᠠᠭᠠᠳ
ᠪᠥᠬᠡ ᠨᠠᠭᠠᠳᠤᠮ ᠢ᠋ᠶ᠋ᠠᠨ ᠰᠣᠨᠢᠷᠬᠠᠯᠳᠤᠨ
ᠪᠥᠵᠢᠭ ᠬᠥᠭᠵᠢᠮ ᠢ᠋ᠶ᠋ᠡᠷ ᠪᠠᠶᠠᠰᠤᠯᠳᠤᠨᠠ᠃
ᠰᠢᠨ᠎ᠡ ᠡᠷᠢᠶᠡᠨ ᠮᠠᠢᠬᠠᠨ ᠨᠤᠭᠤᠳ ᠢ᠋ᠶ᠋ᠠᠨ
ᠰᠢᠯᠢ ᠲᠠᠯ᠎ᠠ ᠪᠠᠷ ᠵᠢᠭᠰᠠᠭᠠᠭᠠᠳ
ᠰᠢᠯᠢᠳᠡᠭ ᠰᠣᠩᠭᠣᠳᠠᠭ ᠮᠣᠷᠢᠳ ᠢ᠋ᠶ᠋ᠠᠨ
ᠰᠢᠪᠬᠠᠷᠤᠨ ᠤᠶᠠᠵᠤ ᠵᠠᠰᠠᠨ᠎ᠠ᠃
ᠬᠡᠦᠬᠡᠳ ᠪᠠᠭᠠᠴᠤᠳ ᠤ᠋ᠨ ᠭᠡᠢᠨ ᠭᠤᠤᠯᠠᠬᠤ ᠳᠠᠭᠤ
ᠬᠥᠨᠳᠡᠢ ᠲᠠᠯ᠎ᠠ ᠳ᠋ᠤ᠌ ᠢᠷᠠᠭᠤ ᠰᠣᠨᠣᠰᠳᠠᠨ᠎ᠠ᠃
ᠬᠥᠮᠦᠨ ᠪᠦᠬᠦᠨ ᠦ᠌ ᠰᠡᠳᠬᠢᠯ ᠬᠥᠳᠡᠯᠦᠭᠡᠳ
ᠬᠤᠷᠳᠤᠨ ᠮᠣᠷᠢᠨ ᠤ᠋ ᠢᠷᠡᠬᠦ ᠶ᠋ᠢ ᠬᠦᠯᠢᠶᠡᠨ᠎ᠡ᠃
ᠲᠠᠪᠤᠨ ᠬᠣᠰᠢᠭᠤ ᠮᠠᠯ ᠤ᠋ᠳ ᠢ᠋ᠶ᠋ᠠᠨ
ᠲᠠᠯᠠᠪᠤᠷ ᠬᠤᠸᠠ ᠪᠠᠷ ᠪᠦᠷᠬᠦᠭᠡᠭᠡᠳ
ᠳᠥᠷᠪᠡᠨ ᠵᠦᠭ ᠦ᠋ᠨ ᠠᠷᠠᠳ ᠲᠦᠮᠡᠨ
ᠲᠤᠰ ᠪᠦᠷᠢ ᠤᠴᠠᠷᠠᠯᠳᠤᠨ ᠬᠥᠭᠵᠢᠯᠳᠦᠨ᠎ᠡ᠃
ᠡᠷᠬᠡ ᠴᠢᠯᠥᠭᠡ ᠶ᠋ᠢ ᠣᠯᠤᠭᠰᠠᠨ ᠠᠷᠠᠳ ᠤ᠋ᠳ
ᠡᠷ᠎ᠡ ᠶ᠋ᠢᠨ ᠭᠤᠷᠪᠠᠨ ᠨᠠᠭᠠᠳᠤᠮ ᠢ᠋ ᠦᠢᠯᠡᠳᠦᠨ᠎ᠡ᠃
ᠡᠷᠳᠡᠨᠢᠲᠦ ᠲᠥᠷᠥ ᠪᠡᠨ ᠨᠢᠭᠲᠠ ᠬᠦᠷᠢᠶᠡᠯᠡᠵᠦ
ᠡᠯᠪᠡᠷᠢᠯ ᠬᠠᠢᠷ᠎ᠠ ᠶ᠋ᠢ ᠨᠢ ᠮᠠᠭᠲᠠᠨ ᠳᠠᠭᠤᠯᠠᠨ᠎ᠠ᠃
ᠵᠦᠢᠯ ᠪᠦᠷᠢ ᠶ᠋ᠢᠨ ᠴᠡᠷᠢᠭ ᠦ᠋ᠨ ᠡᠷᠳᠡᠮ ᠢ᠋
ᠵᠦᠢᠲᠡᠢ ᠰᠠᠢᠬᠠᠨ ᠢ᠋ᠶ᠋ᠠᠷ ᠦᠵᠡᠭᠦᠯᠦᠨ ᠭᠠᠷᠭᠠᠬᠤ ᠳ᠋ᠤ᠌
ᠵᠦᠭ ᠪᠦᠷᠢ ᠡᠴᠡ ᠢᠷᠡᠭᠰᠡᠨ ᠠᠷᠠᠳ ᠤ᠋ᠳ
ᠵᠠᠪᠰᠢᠶᠠᠨ ᠭᠡᠵᠦ ᠪᠠᠶᠠᠷᠯᠠᠨ ᠪᠠᠬᠠᠳᠤᠨ᠎ᠠ᠃
ᠤᠯᠠᠭᠠᠨ ᠪᠤᠯᠤᠩ ᠤ᠋ᠳ ᠣᠯᠠᠨ ᠢ᠋ᠶ᠋ᠠᠷ ᠨᠡᠭᠡᠭᠡᠭᠳᠡᠬᠦ ᠳ᠋ᠦ᠍
ᠣᠯᠠᠨ ᠠᠷᠠᠳ ᠤ᠋ᠳ ᠰᠣᠨᠢᠷᠬᠠᠨ ᠦᠵᠡᠨ᠎ᠡ᠃
ᠤᠯᠠᠭᠠᠨ ᠲᠤᠭ ᠣᠯᠠᠨ ᠢ᠋ᠶ᠋ᠠᠷ ᠨᠠᠮᠢᠷᠠᠬᠤ ᠳ᠋ᠤ᠌
ᠤᠯᠤᠰ ᠤ᠋ᠨ ᠰᠦᠷ ᠮᠠᠨᠳᠤᠨ ᠪᠠᠳᠠᠷᠠᠨ᠎ᠠ᠃
ᠬᠤᠳᠠᠯᠳᠤᠭ᠎ᠠ ᠠᠷᠠᠯᠵᠢᠶ᠎ᠠ ᠳᠡᠯᠭᠡᠷᠡᠨ ᠨᠡᠭᠡᠭᠡᠭᠳᠡᠬᠦ ᠳ᠋ᠦ᠍
ᠬᠣᠭᠣᠯᠠ ᠤᠮᠳᠠ ᠭᠠᠵᠠᠷ ᠪᠦᠷᠢ ᠡᠯᠪᠡᠭ
ᠬᠥᠮᠦᠨ ᠪᠦᠷᠢ ᠬᠦᠰᠡᠵᠦ ᠵᠤᠭᠠᠯᠠᠭᠠᠳ
ᠬᠦᠢ ᠣᠯᠠᠨ ᠢ᠋ᠶ᠋ᠠᠷ ᠬᠥᠭᠵᠢᠨ ᠴᠡᠩᠭᠡᠯᠳᠦᠨ᠎ᠡ᠃
ᠦᠳᠡᠰᠢ ᠣᠷᠣᠢ ᠪᠣᠯᠬᠤ ᠶ᠋ᠢᠨ ᠦᠶ᠎ᠡ ᠳ᠋ᠦ᠍
ᠥᠩᠭᠡ ᠪᠦᠷᠢ ᠶ᠋ᠢᠨ ᠫᠤᠤᠵᠢᠩ ᠰᠠᠴᠤᠷᠠᠮᠠᠭᠴᠠ
ᠦᠢᠮᠡᠭᠡᠨ ᠬᠥᠯ ᠳᠠᠬᠢᠨ ᠬᠥᠭᠵᠢᠭᠡᠳ
ᠦᠢ ᠲᠦᠮᠡᠨ ᠢ᠋ᠶ᠋ᠡᠷ ᠵᠤᠭᠠᠴᠠᠨ ᠨᠠᠭᠠᠳᠤᠯᠴᠠᠨᠠ᠃
ᠰᠢ ᠵᠦᠴᠦᠭᠡ ᠰᠣᠨᠢᠨ ᠵᠢᠷᠤᠭ ᠢ᠋ᠶ᠋ᠠᠷ
ᠱᠤᠤᠭᠢᠭᠰᠠᠨ ᠣᠯᠠᠨ ᠤ᠋ ᠤᠢᠳᠬᠠᠷ ᠢ᠋ ᠰᠡᠷᠭᠦᠭᠡᠵᠦ
ᠰᠠᠢᠬᠠᠨ ᠡᠬᠡᠰᠢᠭ ᠳᠠᠭᠤᠤ ᠬᠥᠭᠵᠢᠮ ᠢ᠋ᠶ᠋ᠡᠷ
ᠰᠡᠳᠬᠢᠯ ᠰᠠᠨᠠᠭ᠎ᠠ ᠶ᠋ᠢ ᠪᠠᠶᠠᠰᠤᠭᠤᠯᠤᠨ ᠴᠡᠩᠭᠡᠯᠳᠦᠭᠦᠯᠦᠨᠡ᠃
ᠠᠷᠠᠳ ᠪᠦᠬᠦᠨ ᠪᠡᠶᠡᠰᠦᠨ ᠨᠠᠢᠷᠯᠠᠵᠤ
ᠠᠢᠷᠠᠭ ᠴᠠᠭ᠎ᠠ ᠪᠠᠨ ᠤᠤᠭᠤᠵᠤ ᠵᠢᠷᠭᠠᠨ᠎ᠠ᠃
ᠠᠵᠢᠯ ᠤ᠋ᠨ ᠠᠮᠵᠢᠯᠲᠠ ᠪᠠᠨ ᠳ᠋ᠦᠩᠨᠡᠵᠦ ᠦᠵᠡᠵᠦ
ᠠᠬᠢᠬᠤ ᠬᠥᠭᠵᠢᠯ ᠢ᠋ᠶ᠋ᠡᠨ ᠲᠥᠯᠥᠪᠯᠡᠨ ᠪᠣᠳᠣᠨ᠎ᠠ᠃
1935 ᠣᠨ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠰᠡᠬᠡᠭᠡᠷᠡᠯ᠂ ᠣᠳᠬᠠᠨᠰᠣ᠎ᠠ
