ᠠᠩᠬᠠᠨ ᠤ᠋ ᠴᠠᠰᠤ- ᠳ· ᠨᠠᠴᠤᠭᠳᠣᠷᠵᠢАнхны цас-Д.Нацагдорж
ᠠᠩᠬᠠᠨ ᠤ᠋ ᠴᠠᠰᠤ
ᠳ· ᠨᠠᠴᠤᠭᠳᠣᠷᠵᠢ
ᠡᠪᠦᠯ ᠦ᠋ᠨ ᠡᠬᠢᠨ ᠰᠠᠷ᠎ᠠ ᠳ᠋ᠤ᠌ ᠬᠦᠢᠲᠡᠨ ᠰᠠᠶᠢ ᠡᠬᠢᠯᠡᠬᠦ ᠳ᠋ᠦ᠍
ᠡᠪᠦᠭᠡᠳ ᠬᠥᠭᠰᠢᠳ ᠭᠠᠯ ᠢ᠋ ᠲᠦᠯᠡᠨ ᠭᠡᠷ ᠢ᠋ ᠳᠤᠯᠠᠭᠠᠴᠠᠭᠤᠯᠤᠨ᠎ᠠ᠃
ᠡᠮᠦᠨᠡᠲᠦ ᠠᠭᠤᠯᠠ ᠶ᠋ᠢᠨ ᠣᠷᠣᠢ ᠳᠡᠭᠡᠷ᠎ᠡ ᠰᠢᠮᠠᠷᠭ᠎ᠠ ᠪᠤᠲᠠᠷᠠᠨ ᠣᠷᠣᠬᠤ ᠳ᠋ᠤ᠌
ᠡᠷᠡᠭᠲᠡᠢ ᠡᠮᠡᠭᠲᠡᠢ ᠵᠠᠯᠠᠭᠤᠴᠤᠳ ᠤ᠋ᠨ ᠰᠡᠳᠬᠢᠯ ᠬᠥᠳᠡᠯᠵᠦ ᠪᠡᠶ᠎ᠡ ᠪᠡᠶ᠎ᠡ ᠪᠡᠨ ᠪᠣᠳᠣᠨ᠎ᠠ᠃
ᠰᠢᠨᠡᠳᠬᠡᠯ ᠰᠠᠷᠠᠨ ᠤ᠋ ᠭᠡᠷᠡᠯ ᠬᠠᠯᠬᠠᠯᠠᠭᠳᠠᠭᠠᠳ ᠰᠢᠨ᠎ᠡ ᠴᠠᠰᠤ ᠬᠠᠢᠯᠠᠬᠤ ᠳ᠋ᠤ᠌
ᠬᠥᠮᠦᠨ ᠪᠦᠬᠦᠨ ᠦ᠌ ᠰᠡᠳᠬᠢᠯ ᠳᠣᠲᠣᠷ᠎ᠠ ᠲᠤᠰ ᠲᠤᠰ ᠨᠢᠭᠡ ᠶᠠᠩᠵᠤ ᠶ᠋ᠢᠨ ᠳᠦᠷᠢ ᠣᠷᠣᠨ᠎ᠠ᠃
ᠰᠡᠪᠰᠡᠢᠨ ᠬᠠᠶᠠᠯᠠᠬᠤ ᠴᠠᠰᠤᠨ ᠳ᠋ᠤ᠌ ᠭᠤᠲᠤᠯ ᠨᠠᠭ ᠨᠠᠭ ᠳᠤᠤᠭᠠᠷᠬᠤ ᠳ᠋ᠤ᠌
ᠰᠢᠪᠡᠷ ᠠᠪᠢᠷ ᠭᠡᠭᠴᠢ ᠳᠠᠭᠤ ᠪᠦᠷᠬᠦᠭ ᠡᠳᠦᠷ ᠢ᠋ ᠪᠠᠶᠠᠰᠤᠭᠤᠯᠤᠨᠠ᠃
ᠵᠢᠪᠠᠷ ᠬᠦᠢᠲᠡᠨ ᠨᠡᠩ ᠴᠢᠩᠭᠠᠷᠠᠵᠤ ᠴᠠᠰᠤ ᠤᠯᠠᠮ ᠤᠨᠠᠬᠤ ᠳᠣᠳᠣᠮ
ᠵᠠᠯᠠᠭᠤ ᠬᠥᠮᠦᠨ ᠦ᠌ ᠴᠢᠰᠤ ᠣᠷᠬᠢᠨ ᠪᠤᠴᠠᠯᠵᠤ ᠬᠦᠢᠲᠡᠨ ᠰᠠᠯᠬᠢ ᠶ᠋ᠢ ᠮᠥᠷᠥᠭᠡᠳᠦᠨ᠎ᠡ᠃
ᠵᠢᠷᠭᠤᠭᠠᠨ ᠮᠡᠴᠢᠳ ᠣᠷᠣᠢ ᠳᠡᠭᠡᠷ᠎ᠡ ᠭᠢᠯᠠᠯᠵᠠᠵᠤ ᠳ᠋ᠧᠩ ᠦ᠋ᠨ ᠭᠡᠷᠡᠯ ᠬᠠᠵᠠᠭᠤ ᠳ᠋ᠤ᠌ ᠰᠦᠮᠡᠯᠵᠡᠬᠦ ᠳ᠋ᠦ᠍
ᠵᠢᠷᠦᠬᠡᠨ ᠦ᠌ ᠲᠣᠯᠢ ᠡᠪᠦᠷ ᠳᠣᠲᠣᠷ᠎ᠠ ᠭᠢᠯᠪᠠᠵᠤ ᠵᠡᠷᠭᠡᠯᠡᠳᠡᠭᠡ ᠠᠢᠯ ᠤ᠋ᠨ ᠡᠭᠦᠳᠡᠨ ᠳᠡᠭᠡᠷ᠎ᠡ ᠲᠤᠰᠤᠨ᠎ᠠ᠃
1931 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠰᠡᠬᠡᠭᠡᠷᠡᠯ᠂ ᠣᠳᠬᠠᠨᠰᠣ᠎ᠠ
