ᠬᠡᠴᠡ ᠡᠪᠡᠰᠦХэц өвс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠴᠡ ᠡᠪᠡᠰᠦХэц өвс

ᠬᠡᠴᠡ ᠡᠪᠡᠰᠦХэц өвс

2024-05-26

302

           ᠦᠶᠡᠲᠦ ᠤᠷᠭᠤᠮᠠᠯ ᠤ᠋ᠨ ᠢᠵᠠᠭᠤᠷ 
      ᠢᠭᠴᠤ ᠪᠤᠲᠠᠯᠠᠨ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠂ ᠵᠡᠯ᠎ᠡ ᠰᠠᠯᠠᠭ᠎ᠠ ᠭᠠᠷᠳᠠᠭ᠃ ᠰᠦᠷᠡᠯ ᠨᠢ5—25cm ᠥᠨᠳᠥᠷ᠂ ᠮᠠᠰᠢ ᠨᠠᠷᠢᠨ ᠪᠥᠭᠡᠳ ᠵᠥᠭᠡᠯᠡᠨ᠃ ᠨᠠᠪᠴᠢᠨ ᠤ᠋ ᠲᠣᠭᠳᠣᠢ ᠨᠢ ᠡᠰᠢ ᠪᠡᠨ ᠴᠢᠩᠭ᠎ᠠ ᠪᠠᠭᠯᠠᠨ᠎ᠠ᠂ ᠲᠠᠷᠠᠮᠠᠭ ᠵᠥᠭᠡᠯᠡᠨ ᠦᠰᠦ ᠲᠡᠢ; ᠨᠠᠪᠴᠢᠨ ᠤ᠋ ᠬᠡᠯᠡ ᠨᠢ ᠮᠠᠰᠢ ᠵᠢᠵᠢᠭ ᠂ ᠨᠠᠷᠢᠨ ᠦᠰᠦ ᠲᠡᠢ᠃ ᠨᠠᠪᠴᠢ ᠨᠢ ᠪᠦᠰᠡ ᠬᠡᠯᠪᠡᠷᠢ ᠲᠡᠢ᠂  ᠰᠢᠷᠦᠭᠦᠨ᠂20cm ᠣᠷᠴᠢᠮ ᠤᠷᠲᠤ᠂ 1—2mm ᠥᠷᠭᠡᠨ᠂ ᠬᠣᠶᠠᠷ ᠲᠠᠯ᠎ᠠ ᠳ᠋ᠤᠨᠢ ᠪᠦᠷ ᠲᠠᠷᠠᠮᠠᠭ ᠴᠠᠭᠠᠨ ᠦᠰᠦ ᠲᠡᠢ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷ ᠲᠡᠢ; ᠡᠷ᠎ᠡ ᠲᠦᠷᠦᠭᠦᠦ ᠬᠡᠯᠪᠡᠷᠢᠲᠦ ᠪᠠᠭ ᠴᠡᠴᠡᠭ ᠨᠢ ᠶᠡᠷᠦ ᠳ᠋ᠡᠭᠡᠨ2—3᠂ ᠪᠠᠷᠤᠭ5—15mm ᠤᠷᠲᠤ᠂5mm ᠣᠷᠴᠢᠮ ᠥᠷᠭᠡᠨ᠂ ᠭᠦᠢᠬᠡᠨ ᠰᠢᠷ᠎ᠠ᠃ ᠡᠷ᠎ᠡ ᠵᠢᠵᠢᠭ ᠲᠦᠷᠦᠭᠦᠦ ᠨᠢ ᠪᠠᠷᠢᠭᠤᠯ ᠦᠭᠡᠢ᠂ ᠬᠣᠶᠠᠷ ᠴᠡᠴᠡᠭ ᠲᠡᠢ᠂ ᠲᠦᠷᠦᠭᠦᠦ ᠶ᠋ᠢᠨ ᠲᠡᠩᠭᠡᠯᠢᠭ ᠦ᠋ᠨ ᠨᠢᠭᠡ ᠬᠠᠵᠠᠭᠤ ᠪᠠᠷ ᠸᠠᠭᠠᠷ ᠲᠠᠯᠪᠢᠭᠰᠠᠨ ᠰᠢᠭ᠋ ᠢᠭᠴᠤ ᠪᠠᠢᠷᠢᠯᠠᠨ᠎ᠠ; ᠡᠮ᠎ᠡ ᠪᠠᠭ ᠴᠡᠴᠡᠭ ᠨᠢ ᠶᠡᠷᠦ ᠳ᠋ᠡᠭᠡᠨ ᠲᠣᠯᠣᠭᠠᠢ ᠬᠡᠯᠪᠡᠷᠢ ᠲᠡᠢ᠂7—9mm ᠤᠷᠲᠤ᠂3—4mm ᠥᠷᠭᠡᠨ᠂ ᠡᠰᠢᠨ ᠦ᠌ ᠣᠷᠣᠢ ᠳ᠋ᠠᠬᠢ ᠲᠣᠮᠣᠷᠠᠭᠰᠠᠨ ᠨᠠᠪᠴᠢᠨ ᠤ᠋ ᠲᠣᠭᠳᠣᠢ ᠳ᠋ᠤ᠌ ᠪᠠᠭᠯᠠᠭᠳᠠᠵᠤ ᠪᠠᠢᠳᠠᠭ; ᠡᠮ᠎ᠡ ᠵᠢᠵᠢᠭ ᠲᠦᠷᠦᠭᠦᠦ ᠨᠢ ᠨᠢᠭᠡ ᠯᠡ ᠴᠡᠴᠡᠭ ᠲᠡᠢ᠂ ᠣᠯᠠᠩᠬᠢ ᠳ᠋ᠠᠭᠠᠨ4—5 ᠪᠠᠷ ᠪᠠᠭᠯᠠᠷᠠᠵᠤ ᠤᠷᠭᠤᠨ᠎ᠠ; ᠡᠷ᠎ᠡ ᠴᠡᠴᠡᠭ ᠦ᠋ᠨ ᠭᠠᠳᠠᠷ ᠬᠡᠪᠡᠭ ᠨᠢ ᠮᠤᠬᠤᠷ ᠦᠵᠦᠭᠦᠷ ᠲᠡᠢ᠂ ᠴᠠᠭᠠᠨ; ᠡᠮ᠎ᠡ ᠴᠡᠴᠡᠭ ᠦ᠋ᠨ ᠭᠠᠳᠠᠷ ᠬᠡᠪᠡᠭ ᠦ᠋ᠨ ᠣᠷᠣᠢ ᠳ᠋ᠤᠨᠢ ᠭᠤᠷᠪᠠᠨ ᠵᠢᠵᠢᠭ ᠢᠯᠲᠠᠰᠤ ᠪᠣᠢ᠃
      ᠶᠡᠷᠦ ᠳ᠋ᠡᠭᠡᠨ ᠭᠠᠩ ᠬᠠᠭᠤᠷᠠᠢ ᠬᠡᠭᠡᠷ᠎ᠡ ᠲᠠᠯ᠎ᠠ ᠳ᠋ᠤ᠌ ᠤᠷᠭᠤᠨ᠎ᠠ᠃
      ᠮᠠᠨ ᠤ᠋ ᠤᠯᠤᠰ ᠲᠤ ᠲᠠᠷᠢᠵᠤ ᠪᠣᠢ᠃
      ᠡᠯᠪᠡᠭ ᠰᠢᠮ᠎ᠡ ᠲᠡᠵᠢᠭᠡᠯ ᠲᠡᠢ ᠪᠣᠷᠳᠣᠭ᠎ᠠ ᠡᠪᠡᠰᠦ᠃ ᠪᠠᠰᠠ ᠤᠰᠤ ᠰᠢᠷᠣᠢ ᠶ᠋ᠢ ᠬᠠᠮᠠᠭᠠᠯᠠᠬᠤ ᠡᠪᠡᠰᠦ ᠪᠣᠯᠭᠠᠨ ᠲᠠᠷᠢᠵᠤ ᠪᠣᠯᠳᠠᠭ᠃
     ᠬᠢᠲᠠᠳ ᠨᠡᠷ᠎ᠡ᠄野牛草
     ᠠᠩᠭ᠌ᠯᠢ ᠨᠡᠷ᠎ᠡ᠄Buchloe   dactyloides   (Nutt.)Engelm
              ᠦᠰᠦᠭ ᠠᠮᠢᠯᠠᠭᠤᠯᠤᠭᠴᠢ᠄ ᠣ ᠰᠡᠴᠡᠨᠲᠦ
              ᠬᠢᠨᠠᠭᠴᠢ᠄ ᠫᠤ· ᠴᠠᠭᠠᠨ