ᠰᠢᠨᠵᠢᠯᠡᠬᠦ ᠤᠬᠠᠭᠠᠨ- ᠳ· ᠨᠠᠴᠤᠭᠳᠣᠷᠵᠢШинжлэх ухаан-Д.Нацагдорж
ᠰᠢᠨᠵᠢᠯᠡᠬᠦ ᠤᠬᠠᠭᠠᠨ
ᠳ· ᠨᠠᠴᠤᠭᠳᠣᠷᠵᠢ
ᠰᠢᠨ᠎ᠡ ᠶᠣᠰᠣ ᠮᠠᠨᠳᠤᠵᠤ ᠰᠢᠨᠵᠢᠯᠡᠬᠦ ᠤᠬᠠᠭᠠᠨ ᠳᠡᠯᠭᠡᠷᠡᠬᠦ ᠳ᠋ᠦ᠍
ᠰᠢᠨ᠎ᠡ ᠴᠠᠭ ᠤ᠋ᠨ ᠬᠥᠮᠦᠰ ᠰᠢᠮ᠎ᠡ ᠦᠷ᠎ᠡ ᠶ᠋ᠢ ᠨᠢ ᠬᠦᠷᠲᠡᠨ᠎ᠡ᠃
ᠱᠠᠰᠢᠨ ᠤ᠋ ᠨᠣᠮ ᠬᠥᠰᠡᠷᠳᠡᠵᠦ ᠰᠢᠯᠢ ᠲᠠᠯ᠎ᠠ ᠳ᠋ᠤ᠌ ᠬᠡᠢᠰᠬᠦ ᠳ᠋ᠦ᠍
ᠰᠢᠷ᠎ᠠ ᠬᠠᠷ᠎ᠠ ᠬᠠᠷᠭᠢᠰ ᠨᠠᠷ ᠰᠢᠷᠭᠤᠴᠢᠨ ᠤᠨᠠᠵᠤ ᠦᠬᠦᠨ᠎ᠡ᠃
ᠪᠤᠷᠬᠠᠨ ᠤ᠋ ᠨᠣᠮᠯᠠᠯ ᠲᠩᠷᠢ ᠶ᠋ᠢᠨ ᠶᠣᠰᠣ ᠶ᠋ᠢ ᠰᠣᠨᠣᠰᠤᠭᠰᠠᠭᠠᠷ
ᠪᠦᠲᠦᠨ ᠭᠤᠷᠪᠠᠨ ᠵᠠᠭᠤᠨ ᠵᠢᠯ ᠬᠠᠷᠠᠩᠭᠤᠢ ᠨᠦᠬᠡᠨ ᠳ᠋ᠦ᠍ ᠤᠨᠲᠠᠪᠠ᠃
ᠪᠣᠳᠠᠰ ᠤ᠋ᠨ ᠶᠣᠰᠣᠨ ᠤ᠋ ᠰᠢᠨᠵᠢᠯᠡᠬᠦ ᠤᠬᠠᠭᠠᠨ ᠭᠡᠨᠡᠳᠲᠡ ᠭᠠᠷᠴᠤ ᠢᠷᠡᠬᠦ ᠳ᠋ᠦ᠍
ᠪᠤᠷᠤᠭᠤ ᠵᠥᠪ ᠢ᠋ ᠰᠠᠶᠢ ᠪᠢᠳᠡ ᠢᠯᠭᠠᠨ ᠲᠠᠨᠢᠪᠠ᠃
ᠬᠠᠭᠤᠴᠢᠨ ᠤ᠋ ᠰᠤᠷᠲᠠᠯ ᠢ᠋ ᠬᠣᠪᠬᠤ ᠴᠣᠬᠢᠵᠤ
ᠬᠠᠭᠤᠷᠮᠠᠭ ᠰᠦᠰᠦᠭ ᠢ᠋ ᠬᠤᠰᠤᠨ ᠬᠠᠶᠠᠬᠤ ᠳ᠋ᠤ᠌
ᠬᠤᠳᠠᠯ ᠬᠤᠴᠠᠭᠴᠢ ᠯᠠᠮᠠ ᠨᠠᠷ ᠰᠠᠨᠳᠤᠷᠤᠨ ᠭᠠᠰᠠᠯᠵᠤ
ᠬᠤᠪᠠᠬᠠᠢ ᠰᠢᠷᠡᠭᠡᠨ ᠦ᠌ ᠪᠡᠨ ᠳᠣᠣᠷ᠎ᠠ ᠳᠡᠮᠡᠢ ᠯᠡ ᠤᠯᠢᠨᠠ᠃
ᠪᠣᠳᠠᠰ ᠤ᠋ᠨ ᠶᠣᠰᠣᠨ ᠤ᠋ ᠰᠢᠨᠵᠢᠯᠡᠬᠦ ᠤᠬᠠᠭᠠᠨ ᠪᠣᠯ
ᠪᠤᠷᠤᠩᠬᠤᠢ ᠶᠣᠰᠣ ᠶ᠋ᠢ ᠡᠪᠳᠡᠭᠴᠢ ᠢᠯᠳᠦ ᠠ᠋!
ᠪᠦᠳᠦᠭᠦᠯᠢᠭ ᠪᠠᠢᠳᠠᠯ ᠢ᠋ ᠬᠡᠬᠡᠷᠡᠭᠦᠯᠦᠭᠴᠢ ᠲᠣᠯᠢ᠂
ᠪᠦᠬᠦ ᠳᠡᠯᠡᠬᠡᠢ ᠶ᠋ᠢᠨ ᠨᠡᠢᠭᠡᠮ ᠵᠢᠷᠤᠮ ᠤ᠋ᠨ ᠨᠥᠬᠥᠷ ᠮᠥᠨ᠃
1931 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠰᠡᠬᠡᠭᠡᠷᠡᠯ᠂ ᠣᠳᠬᠠᠨᠰᠣ᠎ᠠ
