ᠬᠥᠳᠡᠯᠮᠦᠷᠢ ᠪᠠᠷ ᠤᠷᠠᠯᠠᠬᠤᠢ – ᠶᠣᠨᠳᠣᠨ ᠤ ᠪᠢᠯᠢᠭ᠌ - ᠪᠠᠭᠠᠲᠤᠷ Хөдөлмөрөөр урлахуй - Ёндоны Билиг - Баатар
ᠬᠥᠳᠡᠯᠮᠦᠷᠢ ᠪᠠᠷ ᠤᠷᠠᠯᠠᠬᠤᠢ
— ᠳᠡᠯᠡᠬᠡᠢ ᠶ᠋ᠢᠨ ᠬᠥᠳᠡᠯᠮᠦᠷᠢᠴᠢᠨ ᠦ᠌
ᠳᠡᠭᠡᠵᠢ ᠪᠠᠶᠠᠷ ᠲᠤ᠌ ᠵᠣᠷᠢᠭᠤᠯᠪᠠ
ᠬᠦᠯᠦᠭ ᠮᠣᠷᠢᠳ ᠳᠡᠯ ᠡᠴᠡ ᠪᠡᠨ
ᠭᠠᠯ ᠰᠠᠯᠬᠢ ᠨᠠᠮᠢᠷᠠᠭᠤᠯᠤᠩᠬᠠᠨ ᠬᠥᠳᠡᠯᠮᠦᠷᠢᠯᠡᠮᠦᠢ
ᠬᠥᠬᠡ ᠨᠣᠭᠣᠭᠠᠨ ᠬᠥᠲᠥᠯ ᠡᠴᠡ ᠪᠡᠨ
ᠢᠷᠭᠤᠢ ᠨᠢᠳᠦᠯᠡᠭᠦᠯᠦᠭᠰᠡᠨ ᠲᠠᠯ᠎ᠠ ᠬᠥᠯᠥᠷᠡᠮᠦᠢ
ᠰᠦᠨ ᠴᠠᠭᠠᠨ ᠥᠨᠳᠡᠭᠡ ᠡᠴᠡ ᠪᠡᠨ
ᠬᠥᠯᠥᠰᠥ ᠠᠰᠬᠠᠷᠠᠭᠤᠯᠤᠩᠬᠠᠨ ᠰᠢᠷᠭᠤᠯᠵᠢ ᠶᠠᠭᠠᠷᠠᠤ
ᠲᠡᠭᠷᠢ ᠥᠭᠡᠳᠡ ᠪᠡᠨ ᠭᠡᠷᠡᠯ ᠵᠠᠯᠭᠢᠯᠠᠩᠬᠠᠨ
ᠳᠡᠯᠡᠬᠡᠢ ᠪᠡᠨ ᠴᠢᠮᠡᠭᠯᠡᠨ ᠮᠣᠳᠣᠳ ᠦᠰᠦᠨ
ᠲᠢᠪ ᠶᠢᠷᠲᠢᠨᠴᠦ ᠶ᠋ᠢ ᠭᠠᠩᠭᠠᠯᠠᠨ ᠬᠥᠳᠡᠯᠮᠦᠷᠢᠯᠡᠨ
ᠲᠠ ᠪᠢᠳᠡᠨ ᠦ᠌ ᠥᠯᠮᠡᠢ ᠶ᠋ᠢ ᠪᠦᠯᠢᠶᠡᠰᠬᠡᠨᠡ
ᠰᠠᠴᠤᠷᠠᠩᠭᠤᠢ ᠨᠠᠷᠠᠨ ᠰᠢᠷᠭᠠᠭᠤ ᠬᠥᠳᠡᠯᠮᠦᠷᠢᠯᠡᠵᠦ
ᠰᠠᠷᠠᠨ ᠤ᠋ ᠲᠠᠤᠯᠠᠢ ᠬᠣᠷᠸ᠎ᠠ ᠶ᠋ᠢ ᠭᠡᠢᠭᠦᠯᠦᠮᠦᠢ
ᠠᠮᠢᠲᠠᠨ ᠲᠦᠮᠡᠨ ᠪᠣᠳᠠᠰ ᠢᠯᠴᠢ ᠪᠡᠷ ᠢ᠋ᠶ᠋ᠡᠨ
ᠡᠳᠦᠷ ᠰᠥᠨᠢ ᠦᠭᠡᠢ ᠡᠭᠡᠯᠵᠢᠯᠡᠨ ᠮᠡᠷᠡᠢᠮᠦᠢ
ᠠᠷᠠᠳ ᠢᠷᠭᠡᠳ ᠴᠡᠪᠡᠷ ᠠᠭᠠᠷ ᠢ᠋ ᠬᠦᠰᠡᠨ
ᠠᠯᠵᠢᠶᠠᠯ ᠢ᠋ ᠦᠯᠦ ᠬᠠᠢᠬᠤᠷᠠᠨ ᠠᠵᠢᠯᠯᠠᠮᠤᠢ ᠪᠤᠶᠤ
ᠳᠠᠶᠠᠩ ᠳᠠᠶᠠᠭᠠᠷ ᠢ᠋ᠶ᠋ᠠᠨ ᠮᠡᠯᠮᠡᠢ ᠭᠡᠷᠡᠯᠲᠦᠭᠦᠯᠦᠨ
ᠳᠠᠭᠠᠭᠠᠮᠠᠭᠠᠢ ᠲᠡᠪᠴᠢᠶᠡᠷᠢ ᠲᠠᠢ ᠯᠠ ᠠᠮᠢᠳᠤᠷᠠᠮᠤᠢ
ᠬᠠᠮᠤᠭ ᠪᠦᠭᠦᠳᠡ ᠴᠣᠬᠣᠮ ᠶᠠᠭᠤᠨ ᠤ᠋ ᠲᠥᠯᠥᠭᠡ
ᠬᠠᠢᠷ᠎ᠠ ᠠᠴᠢ ᠶ᠋ᠢᠨ ᠲᠤᠰᠠᠳᠠ ᠯᠠ ᠰᠢᠦ᠃
ᠬᠠᠢᠷᠠᠨ ᠰᠠᠢᠬᠠᠨ ᠰᠦᠭ ᠰᠦᠨᠡᠰᠦᠨ ᠳ᠋ᠦ᠍
ᠬᠠᠯᠠᠭᠤᠨ ᠪᠦᠯᠢ ᠪᠦᠬᠦᠨ ᠮᠥᠩᠬᠡ ᠪᠠᠭᠲᠠᠶᠤ
ᠠᠮᠢᠨ ᠬᠠᠢᠷᠠᠲᠠᠢ ᠥᠪᠥᠷ ᠮᠣᠩᠭᠣᠯ ᠮᠢᠨᠢ ᠯᠡ
ᠮᠠᠺᠠᠯᠠ ᠪᠤᠷᠬᠠᠨ ᠤ᠋ ᠢᠪᠡᠭᠡᠯ ᠳ᠋ᠦ᠍ ᠠᠯᠢᠶᠠᠯᠠᠨ
ᠥᠯᠵᠡᠢᠲᠦ ᠥᠨᠥᠳᠥᠷ ᠮᠡᠨᠳᠦᠯᠡᠭᠰᠡᠨ ᠪᠢᠯᠢᠤ
ᠮᠥᠩᠬᠡ ᠲᠡᠭᠷᠢ ᠪᠡᠷ ᠮᠢᠯᠢᠶᠠᠯᠭᠠᠭᠰᠠᠨ ᠪᠢᠯᠢᠤ
ᠠᠶ᠎ᠠ ᠶᠠᠭᠤᠲᠠᠢ ᠵᠢᠷᠭᠠᠯᠠᠩ ᠪᠠᠶᠠᠰᠬᠤᠯᠠᠩ
ᠠᠶ᠎ᠠ ᠶᠠᠭᠤᠲᠠᠢ ᠰᠣᠨᠣᠰᠬᠤᠯᠠᠩ ᠵᠢᠪᠬᠤᠯᠠᠩ
ᠳᠡᠯᠡᠬᠡᠢ ᠶ᠋ᠢᠨ ᠬᠥᠳᠡᠯᠮᠦᠷᠢᠴᠢᠨ ᠦ᠌ ᠪᠠᠶᠠᠷ ᠢ᠋ᠶ᠋ᠠᠷ
ᠪᠥᠮᠪᠥᠷᠴᠡᠭ ᠲᠦ᠍ ᠥᠪᠥᠷ ᠮᠣᠩᠭᠣᠯ ᠮᠢᠨᠢ ᠯᠡ
ᠡᠯᠢᠭᠡ ᠪᠦᠲᠦᠨ ᠮᠡᠨᠳᠦᠯᠡᠬᠦ ᠨᠢ ᠤᠴᠢᠷᠲᠠᠢ
ᠣᠷᠴᠢᠯᠠᠩ ᠡᠨᠡ ᠨᠢᠭᠤᠴᠠ ᠶ᠋ᠢ ᠬᠠᠮᠠᠭᠠᠯᠠᠮᠤᠢ᠃
ᠥᠪᠥᠷ ᠮᠣᠩᠭᠣᠯ ᠤ᠋ᠨ ᠲᠥᠷᠥᠭᠰᠡᠨ ᠡᠳᠦᠷ ᠢ᠋
ᠪᠦᠬᠦ ᠳᠡᠯᠡᠬᠡᠢ ᠪᠡᠷ ᠢ᠋ᠶ᠋ᠡᠨ ᠪᠡᠯᠭᠡᠯᠡᠮᠦᠢ ᠪᠤᠰᠤ ᠤᠤ
2024᠂ 5᠂ 1᠃ ᠦᠳᠡᠰᠢ ᠶ᠋ᠢᠨ ᠴᠢᠯᠥᠭᠡ᠃
ᠬᠥᠬᠡᠬᠣᠲᠠᠨ᠎ᠠ ᠪᠦᠲᠦᠭᠡᠪᠡᠢ᠃
