ᠮᠣᠩᠭᠣᠯ ᠱᠥᠯᠥ᠍ – ᠶᠣᠨᠳᠣᠨ ᠤ ᠪᠢᠯᠢᠭ᠌ - ᠪᠠᠭᠠᠲᠤᠷ Монгол шөл - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠱᠥᠯᠥ᠍ – ᠶᠣᠨᠳᠣᠨ ᠤ ᠪᠢᠯᠢᠭ᠌ - ᠪᠠᠭᠠᠲᠤᠷ Монгол шөл - Ёндоны Билиг - Баатар

ᠮᠣᠩᠭᠣᠯ ᠱᠥᠯᠥ᠍ – ᠶᠣᠨᠳᠣᠨ ᠤ ᠪᠢᠯᠢᠭ᠌ - ᠪᠠᠭᠠᠲᠤᠷ Монгол шөл - Ёндоны Билиг - Баатар

2024-05-24

245

ᠮᠣᠩᠭᠣᠯ ᠱᠥᠯᠥ᠍


           —  ᠪᠦᠬᠦ ᠣᠷᠣᠨ ᠤ᠋ 《ᠮᠥᠩᠭᠥᠨ ᠵᠡᠭᠦᠦ》ᠨᠡᠷᠡᠮᠵᠢᠲᠦ 
           ᠢᠷᠠᠭᠤ ᠨᠠᠢᠷᠠᠭ ᠤ᠋ᠨ ᠶᠡᠬᠡ ᠮᠥᠷᠥᠢᠴᠡᠭᠡᠨ ᠳ᠋ᠦ᠍ ᠳᠡᠪᠰᠢᠭᠦᠯᠬᠦ ᠰᠢᠯᠦᠭ 


 ᠵᠥᠭᠡᠬᠡᠢ ᠬᠦᠮᠡᠯᠢ ᠪᠣᠷᠴᠠ ᠰᠢᠷᠭ᠎ᠠ ᠲᠠᠢ ᠱᠥᠯᠥ 
 ᠵᠥᠭᠡᠢ ᠡᠷᠪᠡᠬᠡᠢ ᠰᠢᠪᠠᠷᠳᠠᠮᠠᠷ ᠪᠢᠲᠡᠭᠦᠦ ᠱᠥᠯᠥ 
 ᠶᠠᠰᠤᠨ ᠤ᠋ ᠭᠠᠨᠲᠢᠭ ᠬᠥᠯᠥᠷᠡᠭᠦᠯᠦᠮᠡᠷ ᠬᠠᠷ᠎ᠠ ᠱᠥᠯᠥ 
 ᠶᠠᠪᠠᠭᠠᠨ ᠬᠥᠮᠦᠨ ᠢ᠋ ᠬᠦᠯᠦᠭᠯᠡᠭᠦᠯᠦᠮᠡᠷ ᠲᠠᠷᠠᠭ ᠱᠥᠯᠥ 
 ᠠᠶ᠎ᠠ᠂ ᠮᠢᠨᠦ ᠮᠣᠩᠭᠣᠯ ᠤ᠋ᠨ ᠢᠳᠡᠭᠡᠨ ᠤᠮᠳᠠᠭᠠᠨ ᠤ᠋ ᠰᠣᠶᠣᠯ ᠤ᠋ᠨ ᠥᠪ 
 ᠠᠢ ᠳᠠ᠂ ᠬᠥᠬᠡ ᠡᠪᠦᠭᠡᠳ ᠦ᠋ᠨ ᠮᠢᠨᠢ ᠢᠷᠮᠡᠭᠦᠨ ᠵᠥᠪ ᠤᠬᠠᠭᠠᠷᠠᠯ ᠶᠤᠮ  
 ᠬᠠᠪᠤᠷ ᠤ᠋ᠨ ᠤᠷᠢᠨ ᠤ᠋ ᠨᠢᠯᠬ᠎ᠠ ᠬᠠᠯᠠᠭᠠᠢ ᠲᠠᠢ ᠱᠥᠯᠥ 
 ᠲᠠᠷᠯᠠᠨ ᠦᠬᠡᠷ ᠦ᠋ᠨ ᠮᠢᠬᠠᠨ ᠲᠥᠮᠥᠰᠥ ᠲᠡᠢ ᠱᠥᠯᠥ 
 ᠲᠠᠷᠭᠤᠨ ᠬᠣᠨᠢᠨ ᠤ᠋ ᠶᠠᠰᠤ ᠲᠠᠢ ᠱᠥᠯᠥ 
 ᠬᠠᠷᠢ ᠳ᠋ᠤ᠌ ᠪᠠᠢᠳᠠᠭ ᠦᠭᠡᠢ ᠭᠣᠳᠣᠩ ᠲᠠᠢ ᠱᠥᠯᠥ 
 ᠠᠶ᠎ᠠ᠂ ᠮᠠᠨ ᠤ᠋ ᠮᠣᠩᠭᠣᠯ ᠤ᠋ᠨ ᠤᠯᠠᠭᠠᠨ ᠴᠠᠭᠠᠨ ᠢᠳᠡᠭᠡᠨ ᠦ᠌ ᠲᠡᠦᠬᠡ 
 ᠠᠢ ᠳᠠ᠂ ᠡᠷᠲᠡ ᠢᠵᠠᠭᠤᠷ ᠠ᠋ᠴᠠ ᠪᠠᠨ ᠡᠷᠡᠭᠦᠯ ᠠᠮᠢᠳᠤᠷᠠᠭᠰᠠᠨ ᠤ᠋ ᠲᠠᠷᠬᠠᠯᠠᠭ᠎ᠠ ᠶᠤᠮ 
 ᠰᠠᠨᠰᠠᠷ ᠤ᠋ᠨ ᠣᠳᠣᠳ ᠬᠥᠪᠪᠦᠭᠰᠡᠨ ᠰᠦᠨ ᠱᠥᠯᠥ 
 ᠰᠢᠪᠠᠭᠤᠳ ᠤ᠋ᠨ ᠵᠢᠷᠭᠢᠭᠡᠨᠲᠦ ᠬᠣᠨᠣᠭ ᠪᠤᠳᠠᠭᠠᠨ ᠱᠥᠯᠥ 
 ᠵᠠᠭᠤᠨ ᠪᠠᠷ᠎ᠠ ᠠ᠋ᠴᠠ ᠬᠠᠩᠬᠤᠯᠤᠮᠠᠷ ᠬᠠᠪᠢᠷᠭ᠎ᠠ ᠲᠠᠢ ᠱᠥᠯᠥ 
 ᠵᠦᠭᠡᠷ ᠯᠠ ᠳᠠᠩᠴᠤ ᠰᠠᠨᠠᠭᠳᠠᠭᠠᠳ ᠪᠠᠢᠳᠠᠭ ᠴᠤᠯᠤ ᠶ᠋ᠢᠨ ᠱᠥᠯᠥ 
 ᠠᠶ᠎ᠠ᠂ ᠪᠢᠳᠡᠨ ᠪᠦᠭᠦᠳᠡᠭᠡᠷ ᠢ᠋ᠶ᠋ᠡᠨ ᠶᠢᠷᠲᠢᠨᠴᠦ ᠶᠢᠨ ᠭᠠᠢᠬᠠᠮᠰᠢᠭ ᠢᠶᠠᠨ  
 ᠠᠢ ᠳᠠ᠂ ᠦᠶ᠎ᠡ ᠶ᠋ᠢᠨ ᠦᠶ᠎ᠡ ᠳ᠋ᠡᠭᠡᠨ ᠬᠠᠮᠠᠭᠠᠯᠠᠵᠤ ᠥᠪᠯᠡᠭᠦᠯᠬᠦ ᠶ᠋ᠢᠨ ᠤᠴᠢᠷ ᠡ   
 ᠠᠯᠢᠨ ᠭᠠᠯᠪᠠ ᠶ᠋ᠢᠨ ᠬᠥᠬᠡ ᠡᠪᠦᠭᠡᠳ ᠾᠦᠩᠨᠦ ᠭᠦᠷᠦᠨ ᠦ᠌ ᠦᠶ᠎ᠡ ᠡᠴᠡ 
 ᠠᠷᠢᠶᠠᠪᠠᠯᠤ ᠪᠤᠷᠬᠠᠨ ᠴᠤ᠌ ᠭᠠᠵᠠᠷ ᠳᠡᠯᠡᠬᠡᠢ ᠳ᠋ᠦ᠍ ᠵᠠᠯᠠᠷᠠᠭᠠᠲᠤᠢ ᠪᠠᠢᠬᠤ ᠳ᠋ᠤ᠌ 
 ᠠᠭᠤᠤ ᠮᠡᠷᠭᠡᠨ ᠰᠠᠨᠰᠠᠷᠯᠢᠭ ᠤᠬᠠᠭᠠᠨ ᠤ᠋ ᠪᠠᠨ ᠵᠦᠩ ᠰᠤᠪᠢᠩ ᠢ᠋ᠶ᠋ᠠᠷ ᠯᠠ 
 ᠠᠮᠠᠨ ᠪᠡᠯᠭᠡ ᠬᠠᠮᠢᠭᠠᠰᠢ ᠪᠠᠨ ᠪᠣᠯ ᠠᠠᠰᠢᠳᠠ ᠶ᠋ᠢᠨ ᠪᠡᠯᠭᠡ ᠲᠠᠢᠰᠢ ᠭᠡᠬᠦ 
 ᠠᠰᠬᠠᠷᠠᠩᠭᠤᠢ ᠰᠠᠴᠤᠷᠠᠩᠭᠤᠢ ᠭᠦᠨᠵᠡᠭᠡᠢ ᠪᠠᠳᠠᠷᠠᠩᠭᠤᠢ ᠪᠠᠶᠠᠰᠤᠩᠭᠤᠢ ᠂ ᠂ ᠂ 
 ᠠᠰᠠᠷᠠᠩᠭᠤᠢ ᠨᠢᠭᠦᠯᠡᠰᠦᠩᠭᠦᠢ ᠬᠦᠯᠢᠴᠡᠩᠭᠦᠢ ᠡᠨᠡᠷᠢᠩᠭᠦᠢ ᠢᠪᠡᠯᠡᠩᠭᠦᠢ ᠂ ᠂ ᠂ 
 ᠠᠶᠤᠤᠯᠢᠬᠠᠢ ᠶ᠋ᠢᠨ ᠳᠠᠯᠳᠠ ᠨᠢᠭᠤᠴᠠᠭᠠᠢ ᠰᠢᠳᠢᠲᠦ ᠳᠣᠤᠯᠢᠰᠯᠢᠭ ᠪᠢᠯᠢᠭ ᠢ᠋ᠶ᠋ᠡᠷ 
 ᠠᠯᠲᠠᠨ ᠨᠠᠷᠠᠨ ᠤ᠋ ᠥᠷᠯᠥᠭᠡᠨ ᠲᠤᠷᠠᠭᠠᠨ ᠤ᠋ ᠭᠡᠷᠡᠯᠲᠦ ᠱᠥᠯᠥ ᠶ᠋ᠢ ᠡᠭᠦᠳᠦᠪᠡᠢ 
 ᠡᠷᠲᠡ ᠶ᠋ᠢᠨ ᠤᠷᠭ᠎ᠠ ᠳᠡᠪᠡᠮ᠎ᠡ ᠨᠠᠷᠠᠨ ᠤ᠋ ᠵᠥᠭᠡᠯᠡᠨ ᠲᠤᠶᠠᠭ᠎ᠠ ᠯᠠ ᠰᠠᠶᠢ 
 ᠡᠭᠡᠭᠡᠬᠦ ᠰᠢᠷᠠᠬᠤ ᠶ᠋ᠢᠨ ᠬᠠᠮᠤᠭ ᠰᠠᠢᠨ ᠰᠠᠢᠬᠠᠨ ᠨᠢᠭᠡᠨ ᠮᠥᠴᠡ ᠬᠡᠮᠡᠭᠡᠪᠡᠢ 
 ᠥᠷᠯᠥᠭᠡᠨ ᠨᠠᠷᠠᠨ ᠤ᠋ ᠲᠤᠶᠠᠭᠠᠨ ᠱᠥᠯᠥ ᠡᠪᠦᠭᠡᠳ ᠦ᠋ᠨ ᠳᠤᠷᠠᠲᠠᠢ ᠱᠥᠯᠥ
 ᠦᠨ᠋ᠶᠠᠳ ᠤ᠋ᠨ ᠳᠠᠯᠠᠩ ᠢ᠋ ᠠᠮᠠᠷᠠᠭᠠᠭᠰᠠᠨ ᠡᠮᠡᠭᠡᠳ ᠦ᠋ᠨ ᠬᠠᠢᠷᠠᠲᠠᠢ ᠱᠥᠯᠥ 
 ᠠᠨᠠᠨ ᠥᠨᠳᠥᠷ ᠨᠠᠰᠤᠨ ᠤ᠋ ᠴᠡᠭᠡᠯ ᠳ᠋ᠦ᠍ ᠱᠤᠩᠪᠬᠠᠰᠠᠨ ᠪᠤᠭᠤᠷᠤᠯ ᠤᠳ ᠮᠢᠨᠢ 
 ᠠᠭᠠᠷ ᠤ᠋ᠨ ᠨᠠᠷᠠᠨ ᠤ᠋ ᠷᠢᠳ᠋ᠢᠲᠤ ᠲᠤᠶᠠᠭᠠᠨ ᠱᠥᠯᠥ ᠳ᠋ᠦ᠍ ᠬᠠᠨᠤᠰᠢ ᠦᠭᠡᠢ ᠠ᠋ 
 ᠵᠠᠭᠤ ᠵᠠᠭᠤᠨ ᠤ᠋ ᠲᠤᠷᠰᠢᠲᠠ ᠬᠦᠯᠦᠭ ᠦ᠋ᠨ ᠳᠡᠯ ᠳ᠋ᠦ᠍ ᠭᠠᠯ ᠰᠢᠭ᠋ ᠳᠦᠷᠡᠯᠵᠡᠬᠦᠢ 
 ᠵᠠᠭᠤᠳᠠᠯ ᠴᠢᠩᠭ᠎ᠠ ᠬᠡᠢᠮᠤᠷᠢ ᠪᠣᠰᠤᠭ᠎ᠠ ᠦᠶ᠎ᠡ ᠦᠶ᠎ᠡ ᠶ᠋ᠢᠨ ᠢᠵᠠᠭᠤᠷᠲᠠᠳ 
 ᠡᠷᠡᠭᠦᠯ ᠪᠡᠶ᠎ᠡ ᠰᠠᠷᠠᠭᠤᠯ ᠣᠶᠤᠨ ᠤ᠋ ᠵᠢᠷᠭᠤᠭᠠᠲᠠᠢ ᠲᠠᠶᠢᠭ ᠲᠤᠯᠬᠤᠢ ᠤᠴᠢᠷ 
 ᠡᠷᠬᠢᠮᠰᠦᠭ ᠠᠨᠠᠭᠠᠬᠤᠢ ᠶ᠋ᠢᠨ ᠯᠤᠲᠤ ᠭᠠᠢᠬᠠᠮᠰᠢᠭ ᠮᠠᠴᠢᠭ ᠤ᠋ᠨ ᠱᠥᠯᠥ ᠶ᠋ᠢ 
 ᠴᠡᠩᠭᠡᠭ ᠠᠭᠠᠷ ᠢ᠋ ᠭᠦᠨ ᠠᠮᠢᠰᠬᠤᠯᠠᠨ ᠶᠠᠪᠠᠭᠠᠨ ᠠᠯᠬᠤᠯᠠᠨ ᠵᠠᠯᠭᠢᠯᠠᠳᠠᠭ 
 ᠴᠡᠩᠭᠡᠯ ᠦ᠋ᠨ ᠲᠤᠢᠯ ᠢ᠋ ᠴᠡᠪᠡᠷ ᠤᠰᠤᠨ ᠱᠥᠯᠥ ᠪᠡᠷ ᠢ᠋ᠶ᠋ᠡᠨ ᠠᠮᠰᠠᠳᠠᠭ ᠠ᠋ 
 ᠮᠡᠯᠮᠡᠢ ᠠᠯᠳᠠᠮ᠎ᠠ ᠠᠠᠯᠠᠭ ᠬᠡᠭᠡᠷ᠎ᠡ ᠶ᠋ᠢᠨ ᠳᠡᠩᠳᠡᠭᠦᠦ ᠬᠠᠨᠠᠭᠠᠷ ᠠᠬᠤᠢ ᠰᠢᠭ᠋ 
 ᠮᠠᠩᠨᠠᠢ ᠳᠠᠨᠠᠢᠮ᠎ᠠ ᠰᠡᠳᠬᠢᠯ ᠦ᠋ᠨ ᠠᠭᠤᠳᠠᠮ ᠲᠡᠰᠪᠦᠷᠢ ᠪᠠᠭᠲᠠᠭᠠᠮᠵᠢ ᠶ᠋ᠢᠨ 
 ᠮᠠᠰᠢᠳᠠ ᠬᠢᠵᠠᠭᠠᠯᠠᠰᠢ ᠦᠭᠡᠢ ᠬᠢᠨᠠᠮᠠᠭᠠᠢ ᠲᠠᠭᠠᠭᠠᠮᠠᠭᠠᠢ ᠲᠡᠩᠬᠡᠭᠡᠨ ᠱᠥᠯᠥ 
 ᠮᠢᠩᠭ᠎ᠠ ᠮᠢᠩᠭᠠᠨ ᠤ᠋ ᠳᠣᠭᠰᠢᠨ ᠲᠡᠦᠬᠡ ᠶ᠋ᠢᠨ ᠪᠣᠰᠤᠭ᠎ᠠ ᠶ᠋ᠢ ᠡᠯᠡᠭᠡᠪᠡᠢ ᠵᠧ 
 ᠮᠥᠩᠬᠡ ᠲᠡᠭᠷᠢᠯᠢᠭ ᠢᠵᠠᠭᠤᠷᠲᠤ ᠢᠰᠡᠭᠡᠢ ᠲᠤᠭᠤᠷᠭᠠᠲᠠᠳ ᠤ᠋ᠨ ᠢ᠋ᠶ᠋ᠠᠨ 
 ᠮᠥᠩᠬᠡ ᠲᠡᠭᠷᠢ ᠶ᠋ᠢᠨ ᠶᠡᠬᠡᠰ ᠳᠡᠭᠡᠳᠦᠰ ᠦ᠋ᠨ ᠢ᠋ᠶ᠋ᠡᠨ ᠣᠩᠭᠣᠳ ᠪᠦᠷᠢ ᠶ᠋ᠢ 
 ᠪᠥᠬᠡ ᠮᠥᠷᠭᠥᠯ ᠦ᠋ᠨ ᠰᠢᠳᠤᠷᠭᠤ ᠪᠠᠭᠠᠲᠤᠷᠯᠢᠭ ᠰᠢᠳᠢᠲᠦ ᠤᠷᠠᠢ ᠬᠤᠷᠤᠢ ᠪᠠᠷ 
 ᠪᠥᠬᠡ ᠮᠣᠷᠢ ᠰᠤᠷ ᠢ᠋ᠶ᠋ᠠᠨ ᠰᠣᠷᠢᠩᠬᠠᠨ ᠤᠷᠤᠯᠳᠤᠭᠤᠯᠤᠩᠬᠠᠨ ᠣᠷᠢᠬᠤᠢ ᠶ᠋ᠢᠨ 
 ᠪᠢᠯᠢᠭᠲᠦ ᠲᠤᠭᠣᠷᠣᠤᠲᠣ ᠥᠪ ᠲᠥᠪ ᠰᠣᠶᠣᠨ ᠭᠡᠭᠡᠷᠡᠭᠦᠯᠦᠭᠦᠢ ᠶ᠋ᠢᠨ ᠱᠥᠯᠥ
 ᠪᠢᠳᠡᠨ ᠦ᠌ ᠰᠠᠶ᠎ᠠ ᠵᠢᠸ᠎ᠠ ᠮᠣᠩᠭᠣᠯᠴᠤᠳ ᠤ᠋ᠨ ᠬᠤᠪᠢᠯᠭᠠᠨ ᠲᠣᠮ ᠤ᠋ᠨ ᠱᠥᠯᠥ 
 ᠁ ᠲᠣᠭᠠᠯᠠᠭᠠᠳ ᠪᠠᠷᠠᠰᠢ ᠦᠭᠡᠢ ᠂ ᠬᠡᠲᠦᠷᠬᠡᠢ ᠭᠡᠮᠡᠷ ᠭᠠᠢᠬᠠᠮᠰᠢᠭ
 ᠁ ᠬᠡᠮᠵᠢᠶᠡᠯᠡᠰᠢ ᠦᠭᠡᠢ ᠮᠤᠨᠳᠠᠭ ᠶᠡᠬᠡ ᠦᠨᠡᠲᠦ ᠡᠷᠳᠡᠨᠢᠰ ᠁!
 ᠠᠶ᠎ᠠ᠂ ᠮᠠᠨ ᠤ᠋ ᠲᠡᠭᠡᠳᠦᠭᠦᠯᠡ ᠶ᠋ᠢᠨ ᠬᠣᠷᠸ᠎ᠠ ᠳ᠋ᠤ᠌ ᠬᠣᠣᠰ ᠦᠭᠡᠢ ᠤᠬᠠᠭᠠᠨ 
 ᠠᠶ᠎ᠠ᠂ ᠬᠥᠮᠦᠨ ᠲᠥᠷᠥᠯᠬᠢᠲᠡᠨ ᠦ᠌ ᠴᠡᠴᠡᠨ ᠰᠠᠨᠠᠭᠠᠨ ᠤ᠋ ᠡᠪ ᠡᠭᠦᠳᠦᠯᠲᠡ! 
 ᠶᠠᠭᠤᠲᠠᠢ ᠠᠤᠬ᠎ᠠ ᠰᠦᠮᠪᠦᠷᠯᠢᠭ ᠥᠨᠳᠥᠷᠯᠢᠭ ᠠᠯᠲᠠᠨ ᠣᠷᠭᠢᠯ ᠤᠳ ᠪᠣᠢ 
 ᠶᠠᠭᠤᠨ ᠳ᠋ᠤ᠌ ᠡᠳᠦᠭᠡ ᠶ᠋ᠢᠨ ᠮᠠᠨᠤᠰ ᠡᠨᠡ ᠪᠦᠬᠦᠨ ᠢ᠋ᠶ᠋ᠡᠨ ᠮᠠᠷᠲᠠᠪᠠ ᠠ᠋⁈
 ᠢᠯᠡᠢ ᠬᠠᠯᠠᠭ ᠠ᠋ ᠥᠪ ᠤᠯᠠᠮᠵᠢᠯᠠᠯ ᠢ᠋ᠶ᠋ᠠᠨ ᠤᠮᠠᠷᠲᠠᠭᠠᠳ ᠪᠣᠯᠬᠤ ᠦᠭᠡᠢ 
 ᠢᠷᠡᠭᠡᠳᠦᠢ ᠬᠡᠷᠬᠢᠨ ᠣᠷᠣᠰᠢᠨ ᠲᠣᠭᠲᠠᠨᠢᠬᠤ ᠶ᠋ᠢᠨ ᠵᠠᠩᠭᠢᠯᠠᠭ᠎ᠠ ᠠᠳᠠ ᠪᠣᠢ 
 ᠨᠢᠳᠦ ᠢᠷᠮᠡᠬᠦ ᠶ᠋ᠢᠨ ᠠᠠᠭᠱᠠᠨ ᠬᠣᠷᠣᠮᠬᠠᠭ ᠴᠠᠭ ᠡᠷᠢᠨ ᠳᠡᠯᠡᠬᠡᠢ ᠨᠡᠢᠭᠡᠮ 
 ᠨᠢᠳᠦ ᠪᠦᠯᠳᠤᠷᠢᠮ᠎ᠠ ᠬᠤᠷᠳᠤᠨ ᠲᠣᠭᠰᠢᠨ ᠬᠤᠪᠢᠷᠠᠨ ᠰᠢᠨᠡᠳᠴᠦ ᠪᠣᠢ ᠳᠠ 
 ᠥᠨᠥ ᠰᠢᠲᠦᠯᠭᠡ ᠱᠠᠪᠰᠢᠯᠠᠭ᠎ᠠ ᠢᠲᠡᠭᠡᠯ ᠳᠠᠯᠠᠷᠬᠠᠯ ᠢᠯᠡ ᠪᠠᠬᠠᠷᠬᠠᠯ ᠤ᠋ᠨ 
 ᠥᠨᠢ ᠡᠭᠦᠷᠢᠳᠡ ᠶ᠋ᠢᠨ ᠥᠪᠡᠯᠡᠭᠦᠢ ᠰᠣᠨᠣᠰᠬᠤᠯᠠᠩ ᠳᠠᠭᠤᠷᠢᠰᠭᠤᠯᠠᠩ ᠤ᠋ᠨ 
 ᠠᠯᠢᠪᠠ ᠰᠣᠶᠣᠯ ᠲᠡᠦᠬᠡ ᠶ᠋ᠢᠨ ᠢᠶᠠᠨ ᠶᠢᠰᠦᠨ ᠬᠦᠰᠡᠯ ᠦ᠋ᠨ ᠡᠷᠳᠡᠨᠢᠰ ᠢ᠋ᠶ᠋ᠡᠨ 
 ᠢᠪᠡᠯᠡᠩᠬᠡᠨ ᠰᠠᠲᠠᠭᠠᠭᠠᠬᠤ ᠡᠬᠡ ᠶ᠋ᠢᠨ ᠰᠦᠨ ᠮᠡᠲᠦ ᠮᠣᠩᠭᠣᠯ ᠱᠥᠯᠥ ᠪᠡᠨ 
 ᠡᠳᠦᠷ ᠦ᠋ᠨ ᠮᠠᠷᠭᠠᠰᠢ ᠮᠥᠩᠬᠡ ᠶ᠋ᠢᠨ ᠷᠠᠰᠢᠶᠠᠨ ᠮᠡᠲᠦ ᠳᠡᠭᠡᠳᠦᠯᠡᠨ ᠠᠮᠰᠠᠨ 
 ᠡᠳᠦᠭᠡ ᠶ᠋ᠢᠨ ᠬᠠᠮᠤᠭ ᠰᠠᠢᠨ ᠬᠥᠮᠦᠨ ᠲᠦᠷᠤᠯᠬᠢᠲᠡᠨ ᠦ᠌ ᠪᠡᠨ ᠳᠤᠮᠳᠠᠬᠢ 
 ᠠᠳᠠᠯᠢᠳᠬᠠᠭᠳᠠᠰᠢ ᠦᠭᠡᠢ ᠤᠷᠲᠤ ᠤᠳᠠᠭᠠᠨ ᠵᠢᠷᠭᠠᠯᠠᠩᠲᠠᠳ ᠳᠣᠲᠣᠷᠠᠬᠢ
 ᠠᠪᠤᠷᠠᠭᠴᠢ ᠬᠡᠬᠡᠲᠠᠳ ᠰᠠᠨᠰᠠᠷᠯᠢᠭ ᠤᠬᠠᠭᠠᠭᠲᠠᠳ ᠬᠥᠬᠡ ᠣᠳᠣᠳ ᠨᠢ 
 ᠠᠰᠠᠭᠤᠭᠰᠠᠨ ᠤ᠋ ᠬᠡᠷᠡᠭ ᠦᠭᠡᠢ᠂ ᠵᠥᠪᠬᠡᠨ ᠪᠢᠳᠠᠨᠤᠰ ᠯᠠ ᠶᠤᠮ ᠰᠢᠦ ᠳᠡ 
 ᠠᠶ᠎ᠠ᠂ ᠡᠴᠤᠨᠡᠨ ᠬᠡᠴᠦᠨᠡᠨ ᠣᠨ ᠵᠢᠯ ᠦ᠋ᠨ ᠡᠯᠡ ᠲᠤᠷᠰᠢᠳᠠ ᠬᠥᠭᠡᠷᠦᠬᠦᠢ 
 ᠠᠨᠠᠭᠠᠬᠤᠢ ᠶ᠋ᠢᠨ ᠰᠢᠳᠢ ᠶ᠋ᠢ ᠡᠴᠡᠨ ᠮᠡᠷᠡᠢᠨ ᠲᠦᠭᠡᠭᠡᠭᠰᠡᠨ ᠤᠳᠠᠴᠢᠳ 
 ᠭᠦᠷᠦᠨ ᠦ᠌ ᠶᠡᠬᠡ ᠬᠦᠰᠡᠬᠦᠢ ᠶ᠋ᠢᠨ ᠤᠳᠤᠮ ᠰᠤᠳᠤᠷ ᠢ᠋ ᠥᠪᠯᠡᠭᠴᠢᠳ ᠮᠢᠨᠢ
 ᠭᠦᠨ ᠳᠠᠯᠠᠢ ᠶ᠋ᠢᠨ ᠲᠡᠷᠲᠡᠭᠡᠬᠢ ᠡᠩᠬᠡ ᠮᠡᠨᠳᠦ ᠶ᠋ᠢᠨ ᠭᠡᠷᠡᠯᠲᠦ ᠴᠠᠮᠬᠠᠭᠴᠢᠳ 
 ᠬᠥᠬᠡᠮᠳᠦᠭ ᠣᠭᠲᠠᠷᠭᠤᠢ ᠶ᠋ᠢᠨ ᠨᠠᠷᠠᠨ ᠰᠠᠷᠠᠨ ᠤ᠋ ᠡᠯᠴᠢᠳ ᠮᠢᠨᠢ 
 ᠬᠦᠯᠮᠠᠩ ᠣᠷᠴᠢᠯᠠᠩ ᠳ᠋ᠤ᠌ ᠲᠠᠨᠠᠷ ᠤ᠋ᠨ ᠣᠳᠣᠳ ᠰᠠᠴᠤᠷᠠᠭᠰᠠᠭᠠᠷ ᠯᠠ ᠂ ᠂ ᠂ 
 ᠬᠥᠮᠦᠨ ᠲᠥᠷᠥᠯᠬᠢᠲᠡᠨ ᠲᠠᠨᠠᠷ ᠤ᠋ᠨ ᠣᠷᠬᠣᠳᠠᠢ ᠱᠥᠯᠥ ᠶ᠋ᠢ ᠠᠮᠰᠠᠨ ᠂ ᠂ ᠂ 
 ᠠᠮᠰᠠᠩᠬᠠᠨ ᠂ ᠂ ᠂ ᠠᠮᠰᠠᠭᠰᠠᠭᠠᠷ ᠯᠠ ᠮᠦᠩᠭᠡᠷᠡᠬᠦ ᠪᠣᠯᠤᠨ᠎ᠠ ᠂ ᠂ ᠂ 
 ᠠᠶᠤᠩᠭᠠᠨ ᠰᠣᠯᠣᠩᠭᠠᠨ ᠠᠮᠢᠳᠤᠷᠠᠯ ᠦᠷᠭᠦᠯᠵᠢᠯᠡᠬᠦ ᠯᠡ ᠪᠣᠯᠤᠨ᠎ᠠ ᠂ ᠂ ᠂ 
 ᠠᠷᠭ᠎ᠠ ᠦᠭᠡᠢ ᠦᠨᠡᠨ ᠲᠠᠪᠤᠨ ᠤᠬᠠᠭᠠᠨ ᠤ᠋ 
 ᠠᠨᠠᠭᠠᠬᠤᠢ ᠰᠤᠪᠢᠯᠠᠬᠤᠢ ᠶ᠋ᠢᠨ ᠰᠢᠳᠢᠲᠦ ᠤᠪᠠᠳᠢᠰ 
 ᠠᠷᠤᠳᠬᠠᠨ ᠪᠣᠯᠪᠠᠰᠤᠨ ᠲᠡᠭᠷᠢᠯᠢᠭ ᠤᠭᠰᠠᠠᠭᠠᠲᠠᠨ ᠮᠠᠨ ᠤ᠋ ᠮᠣᠩᠭᠣᠯ ᠤ᠋ᠨ 
 ᠠᠷᠢᠭᠤᠨ ᠮᠣᠩᠭᠣᠯ ᠱᠥᠯᠦᠨ ᠳ᠋ᠦ᠍ ᠯᠡ ᠪᠠᠢᠳᠠᠭ ᠢ᠋ ᠮᠡᠳᠡᠬᠦ ᠪᠣᠯᠤᠨ᠎ᠠ ᠠ᠋ 
 ᠠᠷᠢᠬᠢᠨ ᠤ᠋ ᠳᠡᠭᠡᠵᠢᠰ ᠢ᠋ ᠠᠷᠠᠵᠠ ᠬᠤᠷᠠᠵᠠ ᠰᠢᠭ᠋ ᠯᠡ 
 ᠠᠮᠰᠠᠬᠤ ᠶ᠋ᠢᠨ ᠲᠡᠳᠦᠢ ᠵᠢᠷᠭᠠᠯᠠᠩ ᠲᠠᠢ ᠬᠦᠷᠲᠡᠬᠦ ᠶ᠋ᠢᠨ ᠠᠵᠠ ᠶ᠋ᠢ 
 ᠠᠮᠲᠠᠲᠠᠨ ᠤ᠋ ᠣᠬᠢ ᠶ᠋ᠢ ᠰᠤᠦ᠍ ᠵᠠᠯᠢ ᠪᠠᠷ ᠢ᠋ᠶ᠋ᠠᠨ ᠯᠠ
 ᠠᠷᠠᠢ ᠭᠡᠮ ᠲᠡᠢ ᠵᠢᠮ᠎ᠡ ᠲᠡᠢ ᠰᠢᠮᠡᠬᠦ ᠶ᠋ᠢᠨ ᠵᠣᠯ ᠢ᠋ 
 ᠮᠠᠨᠠᠢᠬᠢᠨ ᠤ᠋ ᠬᠣᠲᠠ ᠬᠥᠳᠡᠭᠡ ᠦᠭᠡᠢ ᠲᠤᠢᠯᠪᠤᠷᠢᠲᠠᠢ ᠮᠡᠳᠡᠳᠡᠭ 
 ᠮᠠᠷᠭᠠᠰᠢ ᠶ᠋ᠢᠨ ᠡᠩᠬᠡᠵᠢᠨ ᠢ᠋ ᠨᠠᠷᠠ ᠨᠢ ᠬᠦᠷᠲᠡᠯ᠎ᠡ ᠵᠥᠩᠨᠡᠳᠡᠭ 
 ᠲᠤᠯᠭ᠎ᠠ ᠵᠥᠪ ᠲᠣᠭᠣᠷᠢᠭᠰᠠᠨ ᠤᠬᠠᠭᠠᠨ ᠨᠢ ᠴᠢᠯᠡᠳᠠᠭ᠌ ᠴᠤ᠌ 
 ᠲᠥᠪ ᠲᠦ᠍ ᠲᠠᠲᠠᠭᠳᠠᠬᠤ ᠰᠣᠷᠢᠨᠵᠢᠨ ᠮᠥᠰᠥ ᠨᠢ ᠦᠯᠡᠳᠡᠳᠡᠭ 
 ᠳᠠᠷᠢ ᠰᠤᠮᠤ ᠪᠠᠷ ᠠᠮᠢᠳᠤᠷᠠᠳᠠᠭ ᠦᠭᠡᠢ ᠬᠣᠷᠸ᠎ᠠ ᠳ᠋ᠤ᠌ 
 ᠲᠠᠷᠢᠬᠢ ᠵᠢᠷᠦᠬᠡ ᠪᠡᠷ ᠢ᠋ᠶ᠋ᠡᠨ ᠯᠡ ᠠᠮᠢᠳᠤᠷᠠᠬᠤ ᠵᠢᠩᠬᠢᠨᠢ ᠭᠣᠶᠣ 
 ᠵᠢᠩᠬᠢᠨᠢ ᠶ᠋ᠢᠨ ᠭᠣᠶᠣ ᠭᠠᠯ ᠭᠣᠯᠣᠮᠲᠠ ᠶ᠋ᠢᠨ ᠠᠮᠢᠳᠤᠷᠠᠯ 
 ᠵᠢᠷ ᠦ᠋ᠨ ᠡᠷᠡᠭᠦᠯᠵᠢᠬᠦ ᠲᠦᠮᠡᠨ ᠲᠠᠷᠬᠠᠯᠠᠭ᠎ᠠ ᠠ᠋ᠴᠠ ᠯᠠ ᠡᠬᠢᠯᠡᠨ᠎ᠡ 
 ᠶᠠᠰᠤᠨ ᠳ᠋ᠠᠭᠠᠨ ᠴᠠᠭᠠᠨ ᠴᠢᠮᠥᠭᠡ ᠲᠡᠢ 
 ᠴᠢᠰᠤᠨ ᠳ᠋ᠠᠭᠠᠨ ᠣᠮᠣᠭᠯᠠᠩ ᠲᠦᠪᠡᠷᠭᠡᠨ ᠲᠡᠢ 
 ᠵᠢᠰᠦᠨ ᠳ᠋ᠡᠭᠡᠨ ᠰᠡᠷᠭᠦᠯᠡᠩ ᠬᠡᠢᠮᠦᠷᠢ ᠲᠡᠢ 
 ᠥᠭᠡᠵᠢᠨ ᠳ᠋ᠡᠭᠡᠨ ᠬᠥᠬᠡ ᠲᠠᠮᠠᠭ᠎ᠠ ᠲᠠᠢ 
 ᠢᠷᠠᠭᠤ ᠨᠠᠢᠷᠠᠭ ᠰᠢᠭ᠋ ᠢ᠋ᠶ᠋ᠡᠨ ᠤᠶᠠᠩᠭᠠᠨ ᠰᠡᠳᠬᠢᠯ ᠲᠡᠢ 
 ᠤᠷᠤᠰᠬᠠᠯ ᠰᠢᠭ᠋ ᠢ᠋ᠶ᠋ᠡᠨ ᠮᠥᠩᠬᠡ ᠶ᠋ᠢᠨ ᠡᠬᠢ ᠲᠡᠢ 
 ᠤᠯᠠᠮᠵᠢᠯᠠᠯ ᠤ᠋ᠨ ᠪᠣᠰᠤᠭ᠎ᠠ ᠮᠥᠷᠡᠨ ᠬᠠᠯᠭᠢᠯᠠᠵᠤ ᠬᠠᠨᠤᠰᠢ ᠦᠭᠡᠢ ᠠ᠋  

         2024᠂ 1᠂ 8 – 2024᠂ 1᠂ 28᠃  ᠰᠥᠨᠢ
       
             ᠬᠥᠬᠡᠬᠣᠲᠠᠨ᠎ᠠ ᠪᠦᠲᠦᠭᠡᠪᠡᠢ᠃