ᠣᠯᠠᠨ ᠤᠯᠤᠰ ᠤ᠋ᠨ ᠵᠠᠯᠠᠭᠤᠴᠤᠳ ᠤ᠋ᠨ ᠡᠳᠦᠷ- ᠳ· ᠨᠠᠴᠤᠭᠳᠣᠷᠵᠢОлон улсын залуучуудын өдөр-Д.Нацагдорж
ᠳ· ᠨᠠᠴᠤᠭᠳᠣᠷᠵᠢ
ᠶᠢᠰᠦᠨ ᠰᠠᠷ᠎ᠠ ᠶ᠋ᠢᠨ ᠠᠩᠬᠠᠨ ᠤ᠋ ᠰᠠᠢᠨ ᠡᠳᠦᠷ
ᠢᠳᠡᠷ ᠵᠠᠯᠠᠭᠤᠴᠤᠳ ᠪᠦᠭᠦᠳᠡᠭᠡᠷ ᠭᠠᠷᠴᠤ ᠵᠢᠭᠰᠠᠨ ᠶᠣᠰᠣᠯᠠᠨᠠ᠃
ᠬᠤᠪᠢᠰᠬᠠᠯ ᠤ᠋ᠨ ᠤᠯᠠᠭᠠᠨ ᠲᠤᠭ ᠢ᠋ᠶ᠋ᠠᠷ ᠪᠦᠬᠦ ᠶᠢᠷᠲᠢᠨᠴᠦ ᠶ᠋ᠢ ᠪᠦᠷᠬᠦᠭᠡᠳ
ᠬᠥᠮᠦᠨ ᠪᠦᠬᠦᠨ ᠦ᠌ ᠴᠢᠬᠢᠨ ᠳ᠋ᠦ᠍ ᠬᠥᠭᠵᠢᠮ ᠦ᠋ᠨ ᠳᠠᠭᠤ ᠰᠣᠨᠣᠰᠳᠠᠨ᠎ᠠ᠃
ᠫᠷᠣᠯᠧᠲ᠋ᠠᠷᠢ ᠵᠠᠯᠠᠭᠤᠴᠤᠳ ᠤ᠋ᠨ ᠵᠣᠷᠢᠭ ᠨᠢ ᠬᠥᠭᠵᠢᠭᠡᠳ
ᠰᠦᠷᠲᠦ ᠵᠢᠭᠰᠠᠭᠠᠯ ᠤ᠋ᠨ ᠳᠤᠮᠳᠠ ᠤᠷᠮ᠎ᠠ ᠲᠠᠢ ᠠᠯᠬᠤᠯᠠᠨ᠎ᠠ᠃
ᠥᠨᠳᠥᠷ ᠬᠣᠭᠣᠯᠠᠢ ᠪᠠᠷ ᠬᠤᠪᠢᠰᠬᠠᠯ ᠤ᠋ᠨ ᠳᠠᠭᠤᠤ ᠶ᠋ᠢ ᠳᠠᠭᠤᠯᠠᠬᠤ ᠳ᠋ᠤ᠌
ᠡᠰᠡᠷᠭᠦᠦ ᠶ᠋ᠢᠨ ᠰᠦᠯᠳᠡ ᠨᠢ ᠵᠠᠢᠯᠠᠵᠤ ᠥᠪᠡᠷᠰᠡᠳ ᠦ᠋ᠨ ᠠᠩᠭᠢ ᠶ᠋ᠢᠨ ᠵᠣᠷᠢᠭ ᠬᠥᠭᠵᠢᠨ᠎ᠡ᠃
ᠬᠥᠮᠦᠨ ᠲᠥᠷᠥᠯᠬᠢᠲᠡᠨ ᠦ᠌ ᠶᠡᠬᠡᠩᠬᠢ ᠭᠠᠷᠴᠤ ᠵᠢᠭᠰᠠᠭᠠᠳ
ᠬᠥᠭᠵᠢᠯ ᠦ᠋ᠨ ᠳᠠᠭᠤᠤ ᠲᠤᠭ ᠳᠠᠯᠪᠠᠭ᠎ᠠ ᠪᠠᠷ ᠳᠡᠯᠡᠬᠡᠢ ᠶ᠋ᠢᠨ ᠪᠥᠮᠪᠥᠷᠴᠡᠭ ᠢ᠋ ᠪᠦᠷᠬᠦᠬᠦ ᠳ᠋ᠦ᠍
ᠭᠡᠭᠡᠨ ᠨᠠᠷᠠ ᠲᠡᠷᠲᠡᠭᠡ ᠡᠴᠡ ᠲᠣᠯᠢᠳᠠᠨ ᠦᠵᠡᠵᠦ ᠰᠣᠨᠢᠷᠬᠠᠨ ᠰᠠᠢᠰᠢᠶᠠᠭᠠᠳ
ᠶᠢᠷᠲᠢᠨᠴᠦ ᠶ᠋ᠢ ᠴᠡᠯᠮᠡᠭ ᠢ᠋ᠶ᠋ᠡᠷ ᠭᠡᠷᠡᠯᠲᠦᠭᠦᠯᠵᠦ ᠶᠢᠰᠦᠨ ᠰᠠᠷ᠎ᠠ ᠶ᠋ᠢᠨ ᠶᠣᠰᠣᠯᠠᠯ ᠳ᠋ᠤ᠌ ᠪᠠᠶᠠᠷ ᠢ᠋ ᠬᠦᠷᠭᠡᠨ᠎ᠡ᠃
1930 ᠣᠨ
ᠦᠰᠦᠭ ᠠᠮᠢᠯᠠᠭᠤᠯᠤᠭᠴᠢ᠄ ᠰᠡᠴᠡᠨᠴᠢᠮᠡᠭ
ᠬᠢᠨᠠᠭᠴᠢ᠄ ᠰᠡᠬᠡᠭᠡᠷᠡᠯ᠂ ᠣᠳᠬᠠᠨᠰᠣ᠎ᠠ
