ᠰᠣᠭᠣᠪᠣᠷСогоовор

ᠦᠶᠡᠲᠦ ᠤᠷᠭᠤᠮᠠᠯ ᠤ᠋ᠨ ᠢᠵᠠᠭᠤᠷ
ᠨᠢᠭᠡ ᠨᠠᠰᠤᠲᠤ ᠡᠪᠡᠰᠦᠯᠢᠭ ᠤᠷᠭᠤᠮᠠᠯ᠂ ᠠᠷᠪᠢᠨ ᠨᠠᠷᠢᠨ ᠰᠠᠬᠠᠯ ᠦᠨᠳᠦᠰᠦ ᠲᠡᠢ᠃ ᠰᠦᠷᠡᠯ ᠨᠢ ᠪᠤᠲᠠᠯᠠᠵᠤ ᠰᠢᠯᠤᠭᠤᠨ ᠤᠷᠭᠤᠨ᠎ᠠ᠂30—100cm ᠥᠨᠳᠥᠷ᠃ ᠨᠠᠪᠴᠢᠨ ᠤ᠋ ᠲᠣᠭᠳᠣᠢ ᠨᠢ ᠡᠰᠢ ᠪᠡᠨ ᠴᠢᠩᠭ᠎ᠠ ᠪᠠᠭᠯᠠᠵᠤ ᠪᠣᠢ ᠪᠥᠭᠡᠳ ᠴᠠᠭᠠᠨ ᠦᠰᠦ ᠲᠡᠢ; ᠨᠠᠪᠴᠢᠨ ᠤ᠋ ᠬᠡᠯᠡ ᠨᠢ ᠲᠤᠩᠭᠠᠯᠠᠭ ᠲᠣᠷᠭᠠᠨ ᠬᠠᠯᠢᠰᠤᠯᠢᠭ᠂ ᠡᠮᠬᠢ ᠦᠭᠡᠢ ᠬᠡᠷᠴᠢᠶᠡᠰᠦᠲᠦ ᠬᠥᠪᠡᠭᠡ ᠲᠡᠢ; ᠨᠠᠪᠴᠢ ᠨᠢ 5—30cm ᠤᠷᠲᠤ᠃ 2—8mm ᠥᠷᠭᠡᠨ᠂ ᠬᠣᠶᠠᠷ ᠲᠠᠯ᠎ᠠ ᠳ᠋ᠤᠨᠢ ᠪᠦᠷ ᠴᠠᠭᠠᠨ ᠦᠰᠦ ᠲᠡᠢ᠂ ᠵᠠᠷᠢᠮ ᠳ᠋ᠠᠭᠠᠨ ᠠᠷᠤ ᠶ᠋ᠢᠨ ᠦᠰᠦ ᠨᠢ ᠤᠨᠠᠳᠠᠭ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠰᠡᠷᠪᠡᠢᠨ ᠤᠷᠭᠤᠨ᠎ᠠ᠂30cm ᠣᠷᠴᠢᠮ ᠤᠷᠲᠤ᠂ ᠦᠶ᠎ᠡ ᠪᠦᠷᠢ ᠡᠴᠡ ᠨᠢ 3—7 ᠰᠠᠯᠠᠭ᠎ᠠ ᠭᠠᠷᠬᠤ ᠪᠠ ᠰᠠᠯᠠᠭ᠎ᠠ ᠨᠤᠭᠤᠳ ᠨᠢ ᠨᠠᠷᠢᠨ᠂ 10cm ᠤᠷᠲᠤ᠂ ᠲᠤᠰ ᠪᠦᠷᠢ ᠶ᠋ᠢᠨ ᠦᠵᠦᠭᠦᠷ ᠣᠷᠴᠢᠮ ᠳ᠋ᠤ᠌ 1—1 ᠵᠢᠵᠢᠭ ᠲᠦᠷᠦᠭᠦᠦ ᠪᠠᠢᠬᠤ ᠪᠥᠭᠡᠳ ᠤᠨᠵᠢᠢᠵᠤ ᠤᠷᠭᠤᠨ᠎ᠠ; ᠵᠢᠵᠢᠭ ᠲᠦᠷᠦᠭᠦᠦ ᠨᠢ ᠡᠬᠢᠨ ᠳ᠋ᠡᠭᠡᠨ ᠪᠣᠷᠲᠣᠭᠣᠨ ᠬᠡᠯᠪᠡᠷᠢ ᠲᠡᠢ᠂ ᠪᠣᠯᠪᠠᠰᠤᠷᠠᠪᠠᠯ ᠬᠠᠪᠲᠠᠭᠠᠢ ᠪᠣᠯᠤᠨ᠎ᠠ᠂ 7—14 ᠴᠡᠴᠡᠭ ᠲᠡᠢ; ᠬᠠᠯᠢᠰᠤ ᠨᠢ ᠬᠠᠪᠲᠠᠭᠠᠷ ᠲᠡᠪᠡᠨᠡ ᠬᠡᠯᠪᠡᠷᠢ ᠲᠡᠢ᠂ ᠲᠣᠷᠭᠠᠨ ᠬᠠᠯᠢᠰᠤᠯᠢᠭ ᠬᠥᠪᠡᠭᠡ ᠲᠡᠢ᠂ ᠨᠢᠭᠡᠳᠦᠭᠡᠷ ᠬᠠᠯᠢᠰᠤ ᠨᠢ 5—6mm ᠤᠷᠲᠤ᠂ 3—5 ᠰᠤᠳᠠᠯ ᠲᠠᠢ; ᠬᠣᠶᠠᠳᠤᠭᠠᠷ ᠬᠠᠯᠢᠰᠤ ᠨᠢ 7—9mm ᠤᠷᠲᠤ᠂7—9 ᠰᠤᠳᠠᠯ ᠲᠠᠢ; ᠭᠠᠳᠠᠷ ᠬᠡᠪᠡᠭ ᠨᠢ ᠵᠤᠤᠪᠠᠩ᠂ ᠲᠣᠷᠭᠠᠨ ᠬᠠᠯᠢᠰᠤᠯᠢᠭ ᠬᠥᠪᠡᠭᠡ ᠲᠡᠢ᠂ ᠣᠷᠣᠢ ᠳ᠋ᠤᠨᠢ ᠬᠣᠶᠠᠷ ᠵᠢᠵᠢᠭ ᠦᠵᠦᠭᠦᠷ ᠲᠡᠢ ᠪᠠ ᠲᠡᠭᠦᠨ ᠡᠴᠡ ᠳᠣᠭᠣᠭᠰᠢ 2mm ᠣᠷᠴᠢᠮ ᠤ᠋ᠨ ᠬᠡᠰᠡᠭ ᠡᠴᠡ ᠰᠤᠷ ᠤᠷᠭᠤᠨ᠎ᠠ; ᠰᠤᠷ ᠨᠢ 5—10mm ᠤᠷᠲᠤ; ᠳᠣᠲᠣᠷ ᠬᠡᠪᠡᠭ ᠨᠢ ᠨᠠᠷᠢᠬᠠᠨ ᠮᠥᠷᠲᠡᠭᠡᠨ ᠭᠠᠳᠠᠷ ᠬᠡᠪᠡᠭ ᠡᠴᠡ ᠣᠬᠣᠷ᠂ ᠠᠷᠤ ᠳ᠋ᠤᠨᠢ ᠲᠠᠷᠠᠮᠠᠭ ᠥᠷᠭᠡᠰᠦ ᠰᠢᠭ ᠦᠰᠦ ᠲᠡᠢ; ᠲᠣᠭᠣᠰᠣᠪᠴᠢ ᠨᠢ 1—1.5(2)mm ᠤᠷᠲᠤ᠃ ᠠᠮᠤ ᠵᠢᠮᠢᠰ ᠨᠢ ᠬᠠᠪᠲᠠᠭᠠᠢ᠂ 7mm ᠬᠢᠷᠢ ᠤᠷᠲᠤ᠃
ᠠᠭᠤᠯᠠ ᠶ᠋ᠢᠨ ᠬᠠᠵᠠᠭᠤ᠂ ᠠᠲᠠᠷ ᠬᠡᠭᠡᠷ᠎ᠡ᠂ ᠵᠠᠮ ᠤ᠋ᠨ ᠬᠠᠵᠠᠭᠤ ᠪᠠᠷ ᠤᠷᠭᠤᠨ᠎ᠠ᠃
ᠮᠠᠨ ᠤ᠋ ᠤᠯᠤᠰ ᠤ᠋ᠨ ᠬᠠᠲᠤᠨ ᠬᠥᠬᠡᠮᠥᠷᠡᠨ ᠭᠣᠣᠯ ᠪᠣᠯᠤᠨ ᠦ᠌ ᠤᠷᠤᠰᠬᠠᠯ ᠳᠠᠭᠠᠤ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
ᠬᠠᠪᠤᠷ ᠤ᠋ᠨ ᠡᠬᠢᠨ ᠦ᠌ ᠰᠠᠢᠨ ᠪᠡᠯᠴᠢᠭᠡᠷ ᠡᠪᠡᠰᠦ ᠶᠦᠮ᠃
ᠬᠢᠲᠠᠳ ᠨᠡᠷ᠎ᠡ᠄雀麦
ᠠᠩᠭ᠌ᠯᠢ ᠨᠡᠷ᠎ᠡ᠄Brkmus japonicus Thunb. ex Murr.
ᠦᠰᠦᠭ ᠠᠮᠢᠯᠠᠭᠤᠯᠤᠭᠴᠢ᠄ ᠡᠷᠳᠡᠨᠢᠭᠣᠤ᠎ᠠ
ᠬᠢᠨᠠᠭᠴᠢ᠄ ᠫᠣ· ᠴᠠᠭᠠᠨ
