ᠬᠡᠪᠯᠡᠯ- ᠳ· ᠨᠠᠴᠤᠭᠳᠣᠷᠵᠢХэвлэл-Д.Нацагдорж
ᠬᠡᠪᠯᠡᠯ
ᠳ· ᠨᠠᠴᠤᠭᠳᠣᠷᠵᠢ
ᠬᠠᠪᠲᠠᠭᠠᠢ ᠲᠣᠮᠣ ᠮᠠᠰᠢᠨ᠎ᠠ ᠲᠦᠷ ᠲᠦᠷ ᠡᠷᠭᠢᠬᠦ ᠳᠣᠳᠣᠮ
ᠬᠠᠵᠠᠭᠤ ᠶ᠋ᠢᠨ ᠬᠥᠮᠦᠨ ᠦ᠌ ᠬᠥᠯᠥᠰᠥ ᠴᠢᠪ ᠴᠢᠪ ᠳᠤᠰᠤᠯᠠᠨ᠎ᠠ᠃
ᠨᠢᠮᠭᠡᠨ ᠴᠠᠭᠠᠨ ᠴᠠᠭᠠᠰᠤᠨ ᠤ᠋ ᠢᠷᠠᠰ ᠢᠷᠠᠰ ᠳᠡᠯᠭᠡᠬᠦ ᠪᠦᠷᠢ
ᠥᠳᠬᠡᠨ ᠬᠠᠷ᠎ᠠ ᠪᠡᠬᠡ ᠡᠨᠳᠡ ᠲᠡᠨᠳᠡ ᠪᠣᠳᠣᠨ᠎ᠠ᠃
ᠬᠡᠪᠯᠡᠨ ᠭᠠᠷᠭᠠᠭᠰᠠᠨ ᠳᠡᠪᠲᠡᠷ ᠦ᠋ᠨ ᠬᠠᠭᠤᠳᠠᠰᠤ ᠪᠦᠬᠦᠨ
ᠬᠡᠳᠦ ᠶ᠋ᠢᠨ ᠶᠠᠪᠤᠳᠠᠯ ᠢ᠋ ᠭᠡᠭᠡᠨ ᠲᠣᠯᠢ ᠰᠢᠭ᠋ ᠬᠠᠷᠠᠭᠤᠯᠤᠨ᠎ᠠ᠃
ᠣᠷᠴᠢᠯᠠᠩ ᠳᠡᠯᠡᠬᠡᠢ ᠶ᠋ᠢᠨ ᠬᠡᠷᠡᠭ ᠤᠴᠢᠷ ᠪᠦᠬᠦᠨ ᠢ᠋
ᠣᠯᠵᠤ ᠤᠩᠰᠢᠭᠰᠠᠨ ᠬᠥᠮᠦᠨ ᠦ᠌ ᠲᠠᠷᠢᠬᠢᠨ ᠳ᠋ᠤ᠌ ᠰᠢᠩᠭᠡᠭᠡᠨ᠎ᠡ᠃
1930 ᠣᠨ
ᠦᠰᠦᠭ ᠠᠮᠢᠯᠠᠭᠤᠯᠤᠭᠴᠢ᠄ ᠰᠡᠴᠡᠨᠴᠢᠮᠡᠭ
ᠬᠢᠨᠠᠭᠴᠢ᠄ ᠰᠡᠬᠡᠭᠡᠷᠡᠯ᠂ ᠣᠳᠬᠠᠨᠰᠣ᠎ᠠ
