ᠫᠢᠣᠨᠧᠷ -ᠳ· ᠨᠠᠴᠤᠭᠳᠣᠷᠵᠢД.Нацагдорж-Пионер
ᠫᠢᠣᠨᠧᠷ
ᠳ· ᠨᠠᠴᠤᠭᠳᠣᠷᠵᠢ
ᠵᠤᠨ ᠤ᠋ ᠴᠠᠭ ᠤ᠋ᠨ ᠨᠠᠢᠷ ᠲᠠᠢ ᠰᠠᠢᠬᠠᠨ ᠥᠷᠯᠥᠭᠡ
ᠡᠨᠡ ᠳᠡᠯᠡᠬᠡᠢ ᠶᠠᠭᠠᠬᠢᠭᠰᠠᠨ ᠰᠠᠢᠬᠠᠨ ᠲᠠᠭᠠᠯᠠᠮᠵᠢᠲᠠᠢ ᠪᠣᠢ?
ᠬᠣᠢᠴᠢ ᠶ᠋ᠢ ᠵᠠᠯᠭᠠᠮᠵᠢᠯᠠᠭᠴᠢ ᠫᠢᠦᠨ᠋ᠸᠷ ᠣᠯᠠᠨ ᠪᠠᠭᠠᠴᠤᠳ
ᠡᠬᠡ ᠣᠷᠣᠨ ᠳ᠋ᠠᠭᠠᠨ ᠶᠠᠭᠠᠬᠢᠭᠰᠠᠨ ᠶᠡᠬᠡ ᠵᠢᠷᠭᠠᠯ ᠲᠠᠢ ᠪᠣᠢ?
ᠳᠥᠷᠪᠡ ᠳᠥᠷᠪᠡ ᠪᠡᠷ ᠢ᠋ᠶ᠋ᠡᠨ ᠲᠡᠳᠡ ᠵᠢᠭᠰᠠᠵᠤ ᠶᠠᠪᠤᠨ᠎ᠠ᠃
ᠴᠢᠭᠢᠷᠠᠭ ᠬᠥᠯ ᠢ᠋ᠶ᠋ᠡᠷ ᠢ᠋ᠶ᠋ᠡᠨ ᠢᠷᠠᠰ ᠢᠷᠠᠰ ᠠᠯᠬᠤᠨ᠎ᠠ᠃
ᠡᠩᠨᠡᠭᠡ ᠪᠦᠷᠢ ᠡᠴᠡ ᠬᠠᠩᠭᠢᠨᠠᠬᠤ ᠳᠠᠭᠤ ᠨᠢ ᠥᠨᠳᠥᠷ᠃
ᠡᠬᠡ ᠣᠷᠣᠨ ᠢ᠋ᠶ᠋ᠠᠨ ᠪᠠᠬᠠᠳᠤᠬᠤ ᠰᠡᠳᠬᠢᠯ ᠨᠢ ᠲᠡᠨᠢᠭᠡᠷ᠃
ᠰᠡᠳᠬᠢᠯ ᠵᠣᠷᠢᠭ ᠨᠢ ᠨᠢᠭᠡᠨᠲᠡ ᠬᠥᠭᠵᠢᠭᠰᠡᠨ ᠲᠡᠳᠡᠨ ᠳ᠋ᠦ᠍
ᠠᠭᠤᠯᠠ ᠪᠣᠯᠪᠠᠴᠤ ᠠᠰᠤᠷᠤ ᠥᠨᠳᠥᠷ ᠪᠢᠰᠢ ᠬᠠᠷᠠᠭᠳᠠᠨ᠎ᠠ᠃
ᠲᠠᠯ᠎ᠠ ᠪᠣᠯᠪᠠᠴᠤ ᠲᠡᠳᠦᠢ ᠯᠡ ᠬᠣᠯᠠ ᠪᠢᠰᠢ ᠰᠠᠨᠠᠭᠳᠠᠨ᠎ᠠ᠃
ᠳᠠᠯᠠᠢ ᠪᠣᠯᠪᠠᠴᠤ ᠲᠡᠢᠮᠦ ᠯᠡ ᠭᠦᠨ ᠪᠢᠰᠢ ᠪᠣᠳᠣᠭᠳᠠᠨ᠎ᠠ᠃
ᠶᠠᠭᠤ ᠴᠤ᠌ ᠪᠣᠯᠪᠠ ᠪᠡᠷᠬᠡ ᠲᠡᠢ ᠭᠡᠵᠦ ᠰᠠᠨᠠᠭᠳᠠᠬᠤ ᠦᠭᠡᠢ
ᠬᠠᠮᠢᠭ᠎ᠠ ᠴᠤ᠌ ᠪᠣᠯᠪᠠ ᠬᠦᠷᠬᠦ ᠦᠭᠡᠢ ᠭᠡᠵᠦ ᠪᠣᠳᠣᠭᠳᠠᠬᠤ ᠦᠭᠡᠢ᠃
ᠪᠠᠶᠠᠰᠬᠤᠯᠠᠩᠲᠤ ᠰᠡᠳᠬᠢᠯ ᠡᠴᠡ ᠬᠤᠪᠢᠰᠬᠠᠯ ᠤ᠋ᠨ ᠳᠠᠭᠤᠤ ᠶ᠋ᠢ ᠳᠠᠭᠤᠯᠠᠵᠤ
ᠠᠭᠤᠳᠠᠮ ᠲᠠᠯᠠᠪᠤᠷ ᠳᠡᠭᠡᠭᠦᠷ ᠵᠣᠷᠢᠭ ᠲᠠᠢ ᠪᠠᠷ ᠠᠯᠬᠤᠯᠠᠨ᠎ᠠ᠃
ᠤᠯᠠᠭᠠᠨ ᠲᠤᠭ ᠤ᠋ᠨ ᠳᠣᠣᠷ᠎ᠠ ᠠᠳᠠᠯᠢ ᠬᠤᠪᠴᠠᠰᠤ ᠢᠷᠠᠯᠵᠠᠨ᠎ᠠ᠃
ᠤᠯᠠᠭᠠᠨ ᠪᠦᠴᠡᠨ ᠦ᠌ ᠦᠵᠦᠭᠦᠷ ᠰᠠᠯᠬᠢᠨ ᠳ᠋ᠤ᠌ ᠵᠢᠭᠳᠡ ᠳᠡᠷᠪᠡᠨᠠ᠃
ᠪᠣᠷᠣᠯᠠᠭᠰᠠᠨ ᠨᠢᠭᠤᠷ ᠨᠢ ᠬᠥᠷᠥᠰᠥ ᠲᠡᠢ ᠪᠥᠭᠡᠳ ᠥᠩᠭᠡ ᠲᠡᠢ ᠦᠵᠡᠭᠳᠡᠨ᠎ᠡ᠃
ᠰᠡᠷᠭᠦᠯᠡᠩ ᠨᠢᠳᠦ ᠨᠢ ᠬᠥᠭᠵᠢᠯ ᠲᠡᠢ ᠪᠥᠭᠡᠳ ᠴᠣᠭ ᠲᠠᠢ ᠭᠡᠷᠡᠯᠲᠦᠨ᠎ᠡ᠃
1930 ᠣᠨ
ᠦᠰᠦᠭ ᠠᠮᠢᠯᠠᠭᠤᠯᠤᠭᠴᠢ᠄ ᠰᠤᠳᠤᠯᠲᠤ
ᠬᠢᠨᠠᠭᠴᠢ᠄ ᠣᠳᠬᠠᠨᠰᠣ᠎ᠠ
