ᠠᠯᠤᠰ ᠭᠠᠵᠠᠷ ᠰᠤᠷᠬᠤ ᠪᠠᠷ ᠶᠠᠪᠤᠭᠴᠢ- ᠳ· ᠨᠠᠴᠤᠭᠳᠣᠷᠵᠢАлс газар сурахаар явагч-Д.Нацагдорж
ᠠᠯᠤᠰ ᠭᠠᠵᠠᠷ ᠰᠤᠷᠬᠤ ᠪᠠᠷ ᠶᠠᠪᠤᠭᠴᠢ
ᠳ· ᠨᠠᠴᠤᠭᠳᠣᠷᠵᠢ
ᠠᠯᠤᠰ ᠭᠠᠵᠠᠷ ᠰᠤᠷᠬᠤ ᠪᠠᠷ ᠣᠳᠬᠤ ᠵᠠᠮ ᠳ᠋ᠤ᠌
ᠨᠠᠮᠤᠷ ᠤ᠋ᠨ ᠰᠠᠯᠬᠢ ᠡᠮᠦᠨ᠎ᠡ ᠡᠴᠡ ᠰᠡᠷᠴᠢᠭᠢᠨᠡᠨᠡ᠃
ᠡᠪᠡᠰᠦᠨ ᠲᠣᠯᠣᠭᠠᠢ ᠬᠠᠯᠢᠭᠤᠷᠠᠬᠤ ᠬᠥᠨᠳᠡᠢ ᠳ᠋ᠦ᠍
ᠭᠡᠷ ᠦ᠋ᠨ ᠤᠲᠤᠭ᠎ᠠ ᠴᠡᠩᠬᠡᠷᠯᠡᠨ ᠬᠣᠯᠠᠳᠤᠨ᠎ᠠ᠃
ᠵᠠᠭᠤᠨ ᠠᠭᠤᠯᠠ ᠮᠢᠩᠭᠠᠨ ᠭᠣᠣᠯ ᠢ᠋ ᠳᠠᠪᠠᠨ ᠭᠠᠷᠬᠤ ᠳ᠋ᠤ᠌
ᠦᠳᠡᠨ ᠥᠩᠭᠡᠷᠡᠬᠦ ᠭᠠᠴᠠᠭ᠎ᠠ ᠬᠣᠲᠠ ᠴᠤᠭᠭᠠᠷ ᠬᠥᠮᠦᠨ ᠦ᠌᠃
ᠵᠣᠴᠢᠨ ᠪᠠᠭᠤᠳᠠᠯ ᠤ᠋ᠨ ᠴᠣᠩᠬᠣ ᠪᠠᠷ ᠰᠣᠨᠢᠷᠬᠠᠨ ᠱᠠᠭᠠᠢᠬᠤ ᠳ᠋ᠤ᠌
ᠭᠠᠢᠬᠠᠮ᠎ᠠ ᠵᠦᠢᠯ ᠪᠠᠰᠠ ᠯᠠ ᠣᠯᠠᠨ ᠢ᠋ᠶ᠋ᠠᠷ ᠬᠠᠷᠠᠭᠳᠠᠨ᠎ᠠ᠃
ᠠᠯᠵᠢᠶᠠᠯ ᠢ᠋ ᠥᠪᠡᠷ ᠦ᠋ᠨ ᠰᠡᠳᠬᠢᠯ ᠳ᠋ᠦ᠍ ᠪᠢᠰᠢᠯᠭᠠᠵᠤ
ᠪᠠᠶᠠᠰᠤᠯ ᠢ᠋ ᠬᠠᠷᠢ ᠶ᠋ᠢᠨ ᠬᠡᠯᠡ ᠪᠡᠷ ᠤᠯᠠᠮᠵᠢᠯᠠᠨ᠎ᠠ᠃
ᠰᠢᠨ᠎ᠡ ᠦᠵᠡᠭᠳᠡᠯ ᠥᠭᠡᠷ᠎ᠡ ᠠᠮᠢᠳᠤᠷᠠᠯ ᠳ᠋ᠤ᠌ ᠤᠮᠪᠠᠵᠤ
ᠲᠡᠷᠡ ᠳᠠᠯᠠᠢ ᠠ᠋ᠴᠠ ᠰᠤᠪᠤᠳ ᠲᠠᠨ᠎ᠠ ᠱᠦᠭᠦᠷᠳᠡᠨ᠎ᠡ᠃
ᠥᠩᠭᠡᠷᠡᠭᠰᠡᠨ ᠢᠷᠡᠭᠡᠳᠦᠢ ᠡᠭᠡᠯᠵᠢᠯᠡᠨ ᠪᠣᠳᠣᠭᠳᠠᠨ᠎ᠠ
ᠲᠩᠷᠢ ᠶ᠋ᠢᠨ ᠣᠳᠣ ᠵᠢᠷᠦᠪ ᠵᠣᠷᠣᠪ ᠭᠢᠯᠠᠯᠵᠠᠨ᠎ᠠ᠃
ᠬᠡᠭᠡᠷ᠎ᠡ ᠶ᠋ᠢᠨ ᠭᠠᠯᠠᠭᠤ ᠨᠢᠰᠦᠭᠡᠳ ᠬᠦᠷᠬᠦ ᠦᠭᠡᠢ ᠭᠠᠵᠠᠷ ᠠ᠋ᠴᠠ
ᠬᠥᠮᠦᠨ ᠦ᠌ ᠬᠦᠦ ᠡᠷᠳᠡᠨᠢ ᠡᠪᠦᠷᠲᠦᠯᠡᠵᠦ ᠬᠠᠷᠢᠨ᠎ᠠ᠃
1927 ᠣᠨ
ᠦᠰᠦᠭ ᠠᠮᠢᠯᠠᠭᠤᠯᠤᠭᠴᠢ᠄ ᠰᠤᠳᠤᠯᠲᠤ
ᠬᠢᠨᠠᠭᠴᠢ᠄ ᠣᠳᠬᠠᠨᠰᠣ᠎ᠠ
