ᠤᠨᠠᠭᠠᠨ ᠬᠠᠯᠲᠠᠷ < ᠭᠤᠷᠪᠠ> - ᠴᠣ ᠂ ᠣᠷᠱᠤᠨ Унаган халтар <3> – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠨᠠᠭᠠᠨ ᠬᠠᠯᠲᠠᠷ < ᠭᠤᠷᠪᠠ> - ᠴᠣ ᠂ ᠣᠷᠱᠤᠨ Унаган халтар <3> – Чо ᠂ Оршин

ᠤᠨᠠᠭᠠᠨ ᠬᠠᠯᠲᠠᠷ < ᠭᠤᠷᠪᠠ> - ᠴᠣ ᠂ ᠣᠷᠱᠤᠨ Унаган халтар <3> – Чо ᠂ Оршин

2024-05-22

230


            ᠭᠤᠷᠪᠠ 

 ᠠᠭᠲᠠ ᠪᠠᠷᠢᠬᠤ ᠭᠠᠵᠠᠷ 
 ᠠᠪᠤ ᠶ᠋ᠢᠨ ᠢᠷᠡᠭᠰᠡᠨ ᠨᠢ ᠡᠢᠮᠦ 
 ᠠᠷᠢᠭᠤᠨ ᠰᠡᠳᠬᠢᠯ ᠢ᠋ᠶ᠋ᠡᠨ ᠢᠯᠡᠳᠬᠡᠭᠰᠡᠨ  
 ᠠᠯᠳᠠᠷ ᠲᠤᠤᠯᠢᠰ ᠨᠢ ᠲᠡᠢᠮᠦ  
 ᠤᠨᠠᠭᠠᠨ ᠬᠠᠯᠲᠠᠷ ᠤ᠋ᠨ ᠦᠯᠢᠭᠡᠷ ᠢ᠋  
 ᠣᠢᠯᠠᠭᠠᠵᠤ ᠰᠣᠨᠣᠰᠤᠨ ᠪᠢᠰᠢᠷᠡᠭᠡᠳ  
 ᠡᠮᠦᠨ᠎ᠡ ᠪᠡᠨ ᠪᠠᠢᠭ᠎ᠠ ᠡᠪᠦᠭᠡᠨ ᠢ᠋ 
 ᠢᠲᠡᠭᠡᠯ ᠦ᠋ᠨ ᠬᠠᠷᠠᠴᠠ ᠪᠠᠷ ᠬᠠᠷᠠᠭᠠᠳ 
 ᠮᠠᠯᠴᠢᠨ ᠬᠥᠮᠦᠨ ᠦ᠌ ᠴᠢᠨᠠᠷ ᠢ᠋ 
 ᠮᠡᠳᠡᠵᠦ ᠪᠢ ᠠᠪᠤᠭᠠᠳ  
 ᠮᠠᠨ ᠤ᠋ ᠦᠶ᠎ᠡ ᠶ᠋ᠢᠨ ᠬᠢᠨ ᠳ᠋ᠦ᠍ ᠦᠨᠡᠬᠡᠷ  
 ᠮᠠᠭᠲᠠᠭᠠᠯ ᠳᠠᠭᠤᠷᠢᠶᠠᠯ ᠰᠢᠦ ᠭᠡᠬᠦ ᠳ᠋ᠦ᠍  
 ᠵᠠᠮᠰᠤ ᠡᠪᠦᠭᠡᠨ ᠡᠯᠭᠦᠵᠦ 
 ᠵᠠᠯᠭᠠᠵᠤ ᠨᠠᠳᠠ ᠬᠠᠨᠳᠤᠵᠤ
 《 ᠡᠨᠡ ᠨᠢ ᠮᠢᠨᠦ ᠡᠭᠦᠷᠭᠡ 
 ᠡᠷᠬᠢᠮ ᠤᠯᠤᠰ ᠲᠠᠭᠠᠨ ᠪᠡᠯᠡᠭ》 ᠭᠡᠵᠦ  
 ᠳᠠᠷᠤᠤ ᠨᠣᠮᠣᠬᠠᠨ ᠬᠠᠷᠢᠭᠤᠯᠵᠤ  
 ᠳᠠᠬᠢᠵᠤ ᠨᠠᠮᠠᠶ᠋ᠢ ᠰᠢᠷᠲᠡᠨ᠎ᠡ 
 ᠳᠠᠭᠠᠭᠠᠵᠤ ᠠᠪᠤᠭᠰᠠᠨ ᠳᠠᠷᠤᠭ᠎ᠠ ᠴᠤ᠌  
 ᠲᠠᠨᠢᠯ ᠤ᠋ᠨ ᠴᠢᠷᠠᠢ ᠪᠠᠷ ᠮᠦᠰᠢᠶᠡᠨ᠎ᠡ᠃  
 ᠶᠠᠷᠢᠯᠴᠠᠭ᠎ᠠ ᠶᠠᠷᠢᠶᠠᠨ ᠤ᠋ ᠬᠥᠭ 
 ᠶᠠᠭ ᠰᠠᠢᠬᠠᠨ ᠬᠥᠭᠵᠢᠲᠡᠯ᠎ᠡ 
 ᠠᠷᠠᠳ ᠤ᠋ᠨ ᠴᠡᠷᠢᠭ ᠦ᠋ᠨ ᠪᠠᠢᠯᠳᠤᠭᠴᠢ  
 ᠠᠯᠬᠤᠵᠤ ᠢᠷᠡᠭᠡᠳ ᠶᠣᠰᠣᠯᠠᠵᠤ 
 《 ᠲᠠᠯ᠎ᠠ ᠨᠤᠲᠤᠭ ᠤ᠋ᠨ ᠡᠵᠡᠨ ᠦ᠌ 
 ᠲᠠᠩᠰᠤᠭ ᠰᠡᠳᠬᠢᠯ ᠳ᠋ᠦ᠍ ᠲᠠᠯᠠᠷᠬᠠᠶ᠎ᠠ!  
 ᠲᠠᠨ ᠤ᠋ ᠬᠦᠷᠭᠡᠭᠰᠡᠨ ᠠᠭᠲᠠ 
 ᠳᠠᠷᠬᠠᠨ ᠬᠢᠯᠢ ᠪᠡᠨ ᠴᠠᠭᠳᠠᠨ᠎ᠠ》 ᠭᠡᠳ  
 ᠴᠢᠩ ᠦᠨᠡᠨᠴᠢ ᠶᠠᠷᠢᠵᠤ 
 ᠴᠡᠷᠢᠭ ᠶᠣᠰᠣ ᠭᠦᠢᠴᠡᠳᠬᠡᠬᠦ ᠳ᠋ᠦ᠍ 
 ᠴᠠᠪᠴᠢᠯᠠᠵᠤ ᠪᠠᠢᠭᠰᠠᠨ ᠬᠠᠯᠲᠠᠷ  
 ᠴᠢᠮᠡᠭᠡ ᠰᠣᠨᠣᠷᠯᠠᠨ ᠵᠣᠭᠰᠣᠨ᠎ᠠ᠃  
 ᠰᠢᠨ᠎ᠡ ᠡᠵᠡᠨ ᠦ᠌ ᠭᠠᠷ ᠲᠤ 
 ᠰᠢᠯᠵᠢᠭᠦᠯᠵᠦ ᠵᠢᠯᠣᠭᠣ ᠪᠠᠨ ᠥᠭᠬᠦ ᠳ᠋ᠦ᠍  
 ᠰᠡᠷᠭᠦᠯᠡᠩ ᠵᠠᠩ ᠲᠠᠢ ᠬᠠᠯᠲᠠᠷ 
 ᠴᠡᠮᠴᠡᠭᠡᠷ ᠠᠯᠬᠤᠭ᠎ᠠ ᠣᠷᠣᠪᠠ᠃ 
 ᠡᠷᠭᠢᠵᠦ ᠬᠠᠶᠠ ᠢᠨᠴᠠᠭᠠᠯᠠᠭᠠᠳ 
 ᠦᠦᠷᠰᠡᠵᠦ ᠲᠡᠮᠡᠦᠯᠦᠨ ᠶᠠᠪᠤᠬᠤ ᠨᠢ  
 ᠮᠠᠯᠴᠢᠨ ᠡᠵᠡᠨ ᠦ᠌ ᠪᠡᠨ ᠠᠷᠠᠴᠢᠯᠠᠯ ᠳ᠋ᠤ᠌ 
 ᠮᠡᠨᠳᠦ ᠬᠦᠷᠭᠡᠵᠦ ᠪᠠᠢᠭ᠎ᠠ ᠰᠢᠭ᠋᠃ 
 ᠵᠠᠮᠰᠤ ᠡᠪᠦᠭᠡᠨ ᠦ᠌ ᠵᠢᠷᠦᠬᠡᠨ ᠳ᠋ᠦ᠍ 
 ᠵᠢᠭᠠᠬᠠᠨ ᠬᠦᠨᠳᠦ ᠪᠣᠳᠣᠭᠳᠠᠪᠠᠴᠤ  
 ᠰᠠᠨᠠᠭ᠎ᠠ ᠨᠢ ᠭᠦᠢᠴᠡᠭᠰᠡᠨ ᠪᠣᠯᠤᠯᠲᠠᠢ 
 ᠰᠠᠬᠠᠯ ᠢ᠋ᠶ᠋ᠠᠨ ᠢᠮᠡᠷᠦᠨ ᠲᠣᠬᠢᠨ᠎ᠠ᠃ 

       ᠦᠰᠦᠭ ᠠᠮᠢᠯᠠᠭᠤᠯᠤᠭᠴᠢ᠄ ᠪᠠᠶᠠᠷᠴᠡᠴᠡᠭ  
           2024᠂ 5᠂ 22