ᠭᠣᠮᠪᠣ ᠪᠤᠶᠤ ᠪᠣᠮᠪᠣ – ᠶᠣᠨᠳᠣᠨ ᠤ ᠪᠢᠯᠢᠭ᠌ - ᠪᠠᠭᠠᠲᠤᠷ Гомбо буюу бомбо - Ёндоны Билиг - Баатар
ᠭᠣᠮᠪᠣ ᠪᠤᠶᠤ ᠪᠣᠮᠪᠣ
ᠴᠠᠬᠠᠷ ᠨᠤᠲᠤᠭ ᠲᠤ᠌ ᠵᠠᠭᠤᠨ ᠵᠢᠯ ᠦ᠋ᠨ ᠤᠷᠢᠳᠤ
ᠴᠡᠴᠡᠨ ᠴᠡᠯᠮᠡᠭ ᠰᠦᠷᠡᠬᠡᠢ ᠬᠣᠶᠠᠷ ᠬᠡᠯᠡᠮᠦᠷᠴᠢ
ᠪᠠᠢᠭᠰᠠᠨ ᠶᠤᠮ ᠭᠡᠨ᠎ᠡ ᠠ᠋
ᠪᠠᠢᠳᠠᠭ ᠢ᠋ᠶ᠋ᠠᠷ ᠢ᠋ᠶ᠋ᠠᠨ ᠲᠨᠨᠢᠳᠠᠭ ᠭᠡᠨ᠎ᠡ ᠠ᠋
ᠬᠥᠮᠦᠨ ᠵᠠᠩᠨᠠᠳᠠᠭ ᠪᠤᠶᠠᠨᠲᠠᠢ ᠬᠣᠶᠠᠷ ᠮᠠᠨᠢ
ᠬᠥᠳᠡᠭᠡ ᠶ᠋ᠢᠨ ᠬᠥᠭᠰᠢᠳ ᠢ᠋ ᠬᠥᠭᠰᠡᠭᠦᠯᠵᠦ
ᠠᠮᠢᠳᠤ ᠶᠠᠪᠤᠪᠠᠯ ᠲᠡᠮᠡᠭᠡᠨ ᠦ᠌ ᠵᠤᠯᠵᠠᠭ᠎ᠠ ᠶ᠋ᠢ
ᠠᠶᠠᠭᠠᠨ ᠠ᠋ᠴᠠ ᠦᠵᠡᠨᠡᠮ ᠭᠡᠳᠡᠭ ᠭᠡᠨ᠎ᠡ
ᠪᠠᠳᠠᠷ ᠤ᠋ᠨ ᠬᠣᠶᠠᠷ ᠯᠠᠮᠪᠤᠭᠠᠢ ᠶ᠋ᠢᠨ
ᠪᠠᠷᠤᠭᠠᠷ ᠴᠢᠷᠠᠢᠲᠠᠢ ᠶ᠋ᠢ ᠨᠢ ᠭᠣᠮᠪᠣ ᠭᠡᠮᠡᠨ
ᠪᠢᠰᠢᠯᠠᠭ ᠰᠢᠷ᠎ᠠ ᠵᠢᠰᠦᠲᠡᠢ ᠶ᠋ᠢ ᠨᠢ ᠪᠣᠮᠪᠣ ᠭᠡᠵᠦ
ᠪᠠᠷᠤᠭ ᠤ᠋ᠨ ᠬᠥᠮᠦᠰ ᠬᠦᠨᠳᠦᠯᠡᠳᠡᠭ ᠭᠡᠨ᠎ᠡ
ᠭᠣᠮᠪᠣ ᠨᠢ ᠳᠠᠩᠳᠠ ᠠᠶᠤᠮᠠᠷ ᠭᠣᠮᠪᠣᠳᠠᠳᠠᠭ
ᠪᠣᠮᠪᠣ ᠨᠢ ᠳᠠᠩᠴᠤ ᠭᠡᠨᠡᠲᠡᠢ ᠪᠣᠮᠪᠣᠳᠠᠳᠠᠭ ᠭᠡᠨ᠎ᠡ
ᠭᠣᠮᠪᠣ ᠬᠡᠮᠡᠬᠦ ᠦᠭᠡ ᠪᠣᠯᠪᠠᠰᠤ ᠶᠡᠷᠦᠨᠢ
ᠡᠷᠲᠡᠨ ᠦ᠌ ᠰᠠᠨᠰᠠᠺᠠᠷᠲ ᠬᠡᠯᠡᠨ ᠦ᠌ ᠭᠠᠷᠤᠯ ᠲᠠᠢ
ᠪᠣᠮᠪᠣ ᠬᠡᠮᠡᠬᠦ ᠦᠭᠡ ᠪᠣᠯᠪᠠᠰᠤ ᠶᠡᠷᠦᠨᠢ
ᠡᠨᠡᠳᠬᠡᠭ ᠲᠥᠪᠡᠳ ᠬᠡᠯᠡᠨ ᠦ᠌ ᠭᠠᠷᠤᠯ ᠲᠠᠢ
ᠭᠣᠮᠪᠣᠳᠠᠬᠤ ᠭᠡᠳᠡᠭ ᠨᠢ ᠵᠠᠷ ᠲᠠᠷᠬᠠᠭᠠᠬᠤ ᠪᠤᠶᠤ
ᠪᠣᠮᠪᠣᠳᠠᠬᠤ ᠭᠡᠳᠡᠭ ᠨᠢ ᠭᠦᠷᠢᠮ ᠬᠢᠬᠦ ᠪᠤᠶᠤ
ᠨᠢᠭᠡ ᠨᠢ ᠶᠡᠬᠡᠮᠰᠦᠭ ᠭᠣᠮᠪᠣᠳᠠᠭᠠᠳ ᠯᠠ
ᠨᠢᠭᠡ ᠨᠢ ᠣᠮᠣᠭᠯᠠᠩ ᠪᠣᠮᠪᠣᠳᠠᠭᠠᠳ ᠯᠠ
ᠬᠣᠶᠠᠭᠤᠯᠠ ᠪᠠᠨ ᠰᠠᠯᠠᠭ᠎ᠠ ᠵᠠᠮ ᠤ᠋ᠨ
ᠵᠠᠭᠤᠵᠠᠢ ᠠᠭᠤᠯᠵᠠᠷ ᠲᠤ᠌ ᠶᠠᠭᠠᠷᠠᠤᠬᠠᠨ
ᠬᠥᠲᠥᠯᠦᠭᠡ ᠮᠣᠷᠢᠲᠠᠢ ᠠᠭᠤᠯᠵᠠᠭᠠᠳ ᠯᠠ
ᠬᠠᠮᠤᠭ ᠬᠡᠷᠡᠭ ᠢ᠋ᠶ᠋ᠡᠨ ᠭᠦᠢᠴᠡᠭᠡᠳᠡᠭ ᠭᠡᠨ᠎ᠡ
ᠡᠨᠡ ᠬᠣᠶᠠᠷ ᠤ᠋ᠨ ᠪᠦᠬᠦ ᠨᠢᠭᠤᠴᠠ ᠶ᠋ᠢ
ᠡᠯᠳᠡᠪ ᠦ᠋ᠨ ᠨᠡᠷ᠎ᠡ ᠲᠡᠢ ᠫᠦᠦᠰᠢᠩᠭᠠ
ᠫᠥᠯᠥᠩ ᠫᠥᠯᠥᠩ ᠦ᠋ᠨ ᠦᠯᠢᠭᠡᠷ ᠰᠢᠭ
ᠫᠦᠷ ᠫᠠ ᠫᠠᠴᠢᠭᠢᠨᠠᠭᠤᠯᠤᠨ ᠶᠠᠷᠢᠳᠠᠭ ᠭᠡᠨ᠎ᠡ
ᠱᠠᠩᠳᠤ ᠬᠥᠪᠡᠭᠡᠲᠦ ᠰᠢᠷ᠎ᠠ ᠠᠳᠤᠭᠤᠴᠢᠨ ᠤ᠋
ᠴᠠᠭᠠᠨ ᠬᠠᠴᠠᠷᠲᠤ ᠭᠠᠯ ᠴᠢᠪᠠᠭᠠᠨᠴᠠ ᠪᠦᠰᠡᠭᠦᠢ
ᠴᠠᠭᠠᠨ ᠨᠣᠭᠣᠭᠠᠨ ᠰᠠᠷ᠎ᠠ ᠪᠠᠷ ᠯᠠ
ᠱᠠᠯᠠᠮᠠᠭᠠᠢᠯᠠᠨ ᠳᠠᠪᠬᠢᠵᠤ
ᠠᠢᠯ ᠢ᠋ᠶ᠋ᠠᠷ ᠳᠠᠮᠵᠢᠭᠤᠯᠳᠠᠭ ᠭᠡᠨ᠎ᠡ ᠠ᠋
ᠭᠡᠨ᠎ᠡ ᠭᠡᠨ᠎ᠡ ᠭᠡᠨ᠎ᠡ ᠭᠡᠨ᠎ᠡ
ᠭᠡᠨ᠎ᠡ ᠁ ᠁
2024᠂ 5᠂ 21᠃ ᠣᠷᠣᠢ
ᠲᠠᠨᠢᠳᠠᠭ ᠨᠢᠭᠡᠨ ᠪᠦᠰᠡᠭᠦᠢ ᠳᠡᠭᠦᠦᠳᠡᠢ ᠡᠴᠡ
ᠰᠠᠨᠠᠮᠰᠠᠷ ᠦᠭᠡᠢ ᠰᠣᠨᠣᠰᠤᠭᠠᠳ
ᠣᠩᠭᠣᠳ ᠠᠰᠬᠠᠷᠠᠭᠤᠯᠵᠤ ᠬᠥᠬᠡᠬᠣᠲᠠᠨ᠎ᠠ ᠪᠦᠲᠦᠭᠡᠪᠡᠢ᠃
