ᠡᠬᠡ ᠬᠡᠯᠡ- ᠬᠠᠰᠠᠭᠤᠯᠠЭх хэл-Хасуул
ᠡᠬᠡ ᠬᠡᠯᠡ
ᠬᠠᠰᠠᠭᠤᠯᠠ
ᠡᠷᠳᠡᠨᠢ ᠶ᠋ᠢᠨ ᠳᠣᠯᠣᠭᠠᠨ ᠡᠬᠡᠰᠢᠭ ᠢ᠋ᠶ᠋ᠡᠷ ᠣᠷᠴᠢᠯᠠᠩ ᠤ᠋ᠨ ᠰᠣᠨᠣᠷ ᠊ᠢ ᠮᠢᠯᠢᠶᠠᠵᠤ
ᠡᠪᠦᠭᠡ ᠳᠡᠭᠡᠳᠦᠰ ᠡᠴᠡ ᠦᠷ᠎ᠡ ᠬᠣᠢᠴᠢᠰ ᠲᠠᠭᠠᠨ ᠥᠪᠯᠡᠭᠰᠡᠨ
ᠤᠳᠤᠮᠲᠤ ᠮᠣᠩᠭᠣᠯ ᠤ᠋ᠨ ᠮᠢᠨᠢ ᠵᠢᠷᠦᠬᠡᠨ ᠰᠤᠳᠠᠰᠤ ᠶ᠋ᠢ ᠲᠤᠷᠭᠢᠭᠤᠯᠤᠭᠰᠠᠨ
ᠤᠬᠠᠭᠠᠨ ᠪᠢᠯᠢᠭ ᠦ᠋ᠨ ᠣᠩᠭᠣᠳ ᠬᠤᠷᠴᠠᠯᠠᠭᠰᠠᠨ ᠡᠬᠡ ᠬᠡᠯᠡ ᠮᠢᠨᠦ
ᠢᠰᠡᠭᠡᠢ ᠲᠤᠭᠤᠷᠭᠠᠲᠠᠨ ᠤ᠋ ᠠᠮᠢᠨ ᠰᠦᠨᠡᠰᠦ ᠪᠣᠯᠤᠭᠰᠠᠨ
ᠢᠷᠠᠭᠤ ᠲᠣᠳᠣᠬᠠᠨ ᠮᠥᠩᠬᠡ ᠶ᠋ᠢᠨ ᠤᠶᠠᠩᠭ᠎ᠠ
ᠣᠯᠠᠨ ᠵᠠᠭᠤᠨ ᠤ᠋ ᠲᠡᠦᠬᠡ ᠶ᠋ᠢ ᠪᠢᠴᠢᠭᠯᠡᠭᠰᠡᠨ
ᠤᠶᠠᠩᠭ᠎ᠠ ᠨᠠᠢᠷᠠᠭ ᠰᠤᠳᠤᠷ ᠤ᠋ᠨ ᠪᠠᠷᠢᠯᠳᠤᠯᠭ᠎ᠠ ᠡᠬᠡ ᠬᠡᠯᠡ ᠮᠢᠨᠦ
ᠮᠢᠩᠭᠠᠨ ᠬᠡᠯᠡᠨ ᠡᠴᠡ ᠥᠪᠡᠷᠮᠢᠴᠡ ᠣᠨᠴᠠᠯᠢᠭ ᠲᠠᠢ
ᠮᠣᠷᠢᠨ ᠨᠢᠷᠤᠭᠤᠨ ᠳᠡᠭᠡᠷ᠎ᠡ ᠨᠠᠮᠢᠷᠠᠭᠰᠠᠨ ᠰᠦᠯᠳᠡ ᠬᠡᠢᠮᠣᠷᠢ
ᠮᠠᠬᠢᠷ ᠢᠯᠳᠦ ᠶ᠋ᠢᠨ ᠲᠣᠷᠭᠠᠨ ᠢᠷ ᠢ᠋ᠶ᠋ᠡᠷ ᠪᠢᠴᠢᠭᠯᠡᠭᠰᠡᠨ
ᠮᠣᠷᠢᠲᠠᠨ ᠤᠳᠤᠮ ᠤ᠋ᠨ ᠵᠡᠪᠰᠡᠭ ᠪᠣᠯᠤᠭᠰᠠᠨ ᠡᠬᠡ ᠬᠡᠯᠡ ᠮᠢᠨᠦ
ᠳᠡᠭᠡᠳᠦᠰ ᠦ᠋ᠨ ᠤᠯᠠᠮᠵᠢᠯᠠᠭᠰᠠᠨ ᠮᠣᠩᠭᠣᠯ ᠰᠣᠶᠣᠯ
ᠳᠡᠯᠡᠬᠡᠢ ᠳ᠋ᠦ᠍ ᠬᠣᠣᠰ ᠦᠭᠡᠢ ᠪᠣᠰᠤᠭ᠎ᠠ ᠦᠰᠦᠭ ᠠ᠋
ᠲᠩᠷᠢᠯᠢᠭ ᠦᠨᠳᠦᠰᠦᠲᠡᠨ ᠦ᠌ ᠲᠤᠯᠭᠠᠭᠤᠷᠢ ᠪᠠᠭᠠᠨ᠎ᠠ
ᠳᠡᠭᠡᠳᠦᠯᠡᠨ ᠥᠪᠯᠡᠬᠦ ᠮᠥᠩᠬᠡ ᠶ᠋ᠢᠨ ᠰᠢᠲᠦᠭᠡᠨ ᠡᠬᠡ ᠬᠡᠯᠡ ᠮᠢᠨᠦ
ᠲᠡᠦᠬᠡ ᠱᠠᠰᠲᠢᠷ ᠤ᠋ᠨ ᠠᠤᠭ᠎ᠠ ᠪᠦᠲᠦᠭᠡᠯ ᠢ᠋
ᠲᠡᠮᠳᠡᠭᠯᠡᠵᠦ ᠤᠯᠠᠮᠵᠢᠯᠠᠭᠰᠠᠨ ᠳᠠᠢᠴᠢᠨ ᠬᠡᠯᠡ
ᠲᠠᠪᠤᠨ ᠮᠥᠰᠥ ᠶ᠋ᠢᠨ ᠦᠯᠢᠭᠡᠷ ᠰᠤᠷᠭᠠᠯ ᠢ᠋ᠶ᠋ᠠᠷ
ᠳᠠᠶᠠᠩ ᠳ᠋ᠤ᠌ ᠠᠯᠳᠠᠷᠰᠢᠭᠰᠠᠨ ᠮᠡᠷᠭᠡᠨ ᠬᠡᠯᠡ ᠠ᠋
ᠬᠥᠬᠡ ᠮᠣᠩᠭᠣᠯ ᠤ᠋ᠨ ᠦᠯᠢᠭᠡᠷ ᠲᠤᠤᠯᠢᠰ ᠠ᠋ᠴᠠ
ᠬᠦᠦᠷᠨᠢᠵᠦ ᠪᠢᠴᠢᠭᠯᠡᠭᠰᠡᠨ ᠬᠥᠬᠡ ᠰᠤᠳᠤᠷ ᠲᠠᠢ
ᠤᠳᠤᠮᠲᠤ ᠮᠣᠩᠭᠣᠯ ᠤ᠋ᠨ ᠤᠷᠠᠯᠢᠭ ᠰᠣᠶᠣᠯ ᠠ᠋ᠴᠠ
ᠤᠷᠠᠯᠠᠨ ᠰᠡᠳᠬᠢᠭᠰᠡᠨ ᠨᠢᠭᠤᠴᠠ ᠲᠣᠪᠴᠢᠶᠠᠨ ᠲᠠᠢ
ᠡᠮᠡᠭᠡᠯ ᠦ᠋ᠨ ᠪᠥᠭᠦᠷᠭᠡᠨ ᠡᠴᠡ ᠥᠨᠳᠡᠢᠨ ᠪᠣᠰᠤᠭᠰᠠᠨ
ᠡᠮᠨᠢᠭᠴᠢᠨ ᠵᠠᠯᠠᠭᠤ ᠰᠢᠭ᠋ ᠰᠦᠷ ᠵᠢᠪᠬᠤᠭ᠎ᠠ ᠲᠠᠢ
ᠤᠬᠠᠭᠠᠨ ᠪᠢᠯᠢᠭ ᠡᠴᠡ ᠳᠦᠷᠡᠯᠵᠡᠨ ᠨᠣᠴᠣᠭᠰᠠᠨ
ᠤᠨᠲᠠᠷᠠᠰᠢ ᠦᠭᠡᠢ ᠮᠥᠩᠬᠡ ᠶ᠋ᠢᠨ ᠵᠤᠯᠠ ᠠ᠋
ᠪᠤᠭᠤᠷᠤᠯ ᠲᠡᠦᠬᠡ ᠡᠴᠡ ᠣᠨᠳᠣᠷᠤᠭᠰᠠᠨ ᠤᠭᠤᠷᠠᠭ ᠰᠦ ᠡᠬᠡ ᠬᠡᠯᠡ
ᠪᠣᠭᠳᠠ ᠴᠢᠩᠭᠢᠰ ᠡᠴᠡ ᠤᠳᠤᠮᠯᠠᠭᠰᠠᠨ ᠠᠷᠢᠭᠤᠨ ᠴᠢᠰᠤ ᠡᠬᠡ ᠬᠡᠯᠡ
ᠡᠷᠬᠡ ᠴᠢᠯᠥᠭᠡᠨ ᠦ᠌ ᠡᠭᠦᠷᠢᠳᠡ ᠶ᠋ᠢᠨ ᠲᠤᠩᠬᠠᠭ ᠡᠬᠡ ᠬᠡᠯᠡ
ᠡᠷᠡᠯᠬᠡᠭ ᠮᠣᠩᠭᠣᠯ ᠤ᠋ᠨ ᠬᠠᠲᠤᠨ ᠤᠬᠠᠭᠠᠨ ᠡᠬᠡ ᠬᠡᠯᠡ ᠠ᠋!
ᠦᠰᠦᠭ ᠠᠮᠢᠯᠠᠭᠤᠯᠤᠭᠴᠢ᠄ ᠤᠳᠬᠠᠨᠰᠣ᠎ᠠ
ᠬᠢᠨᠠᠭᠴᠢ᠄ ᠣᠳᠬᠠᠨᠰᠣ᠎ᠠ
