ᠴᠡᠩᠬᠡᠷᠯᠡᠨ ᠬᠠᠷᠠᠭᠳᠠᠨ᠎ᠠ- ᠳ· ᠨᠠᠴᠤᠭᠳᠣᠷᠵᠢЦэнхэрлэн харагдана-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠩᠬᠡᠷᠯᠡᠨ ᠬᠠᠷᠠᠭᠳᠠᠨ᠎ᠠ- ᠳ· ᠨᠠᠴᠤᠭᠳᠣᠷᠵᠢЦэнхэрлэн харагдана-Д.Нацагдорж

ᠴᠡᠩᠬᠡᠷᠯᠡᠨ ᠬᠠᠷᠠᠭᠳᠠᠨ᠎ᠠ- ᠳ· ᠨᠠᠴᠤᠭᠳᠣᠷᠵᠢЦэнхэрлэн харагдана-Д.Нацагдорж

2024-05-21

281

ᠴᠡᠩᠬᠡᠷᠯᠡᠨ ᠬᠠᠷᠠᠭᠳᠠᠨ᠎ᠠ

            ᠳ· ᠨᠠᠴᠤᠭᠳᠣᠷᠵᠢ 
ᠴᠡᠩᠬᠡᠷᠯᠡᠨ ᠬᠠᠷᠠᠭᠳᠠᠨ᠎ᠠ  
ᠴᠡᠴᠡᠭ ᠵᠢᠮᠢᠰ ᠲᠡᠢ ᠠᠭᠤᠯᠠ ᠠ᠋᠃
ᠴᠢᠩ ᠵᠣᠷᠢᠭ ᠢ᠋ ᠪᠣᠳᠣᠪᠠᠯ 
ᠴᠡᠩᠭᠡᠵᠦ ᠪᠣᠯᠤᠮᠠᠷ ᠠᠭᠤᠯᠠ ᠠ᠋᠃

ᠠᠯᠠᠭᠯᠠᠨ ᠬᠠᠷᠠᠭᠳᠠᠨ᠎ᠠ 
ᠠᠯᠢᠮ᠎ᠠ ᠵᠢᠮᠢᠰ ᠲᠡᠢ ᠠᠭᠤᠯᠠ ᠠ᠋᠃
ᠠᠮᠠᠷᠠᠭ ᠬᠣᠩᠭᠣᠷ ᠬᠦᠦ ᠲᠡᠢ ᠪᠡᠨ 
ᠠᠮᠢᠳᠤᠷᠠᠵᠤ ᠪᠣᠯᠤᠮᠠᠷ ᠠᠭᠤᠯᠠ ᠠ᠋᠃

ᠨᠠᠷᠠᠰᠤ ᠬᠠᠢᠯᠠᠰᠤ ᠮᠣᠳᠣ ᠨᠢ 
ᠨᠠᠪᠴᠢ ᠪᠠᠨ ᠳᠠᠭᠠᠭᠠᠳ ᠭᠠᠩᠬᠤᠨ᠎ᠠ᠃
ᠨᠠᠭᠠᠯᠢᠩᠬᠠᠢ ᠬᠣᠩᠭᠣᠷ ᠬᠦᠦ ᠲᠡᠢ ᠪᠡᠨ
ᠨᠠᠰᠤᠨ ᠤ᠋ ᠪᠠᠨ ᠲᠤᠷᠰᠢ ᠵᠢᠷᠭᠠᠨ᠎ᠠ᠃

           1923 ᠣᠨ

   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠰᠡᠬᠡᠭᠡᠷᠡᠯ᠂ ᠣᠳᠬᠠᠨᠰᠣ᠎ᠠ