ᠮᠡᠯᠮᠡᠢ ᠶᠢᠨ ᠰᠢᠭᠦᠳᠡᠷᠢ – ᠶᠣᠨᠳᠣᠨ ᠤ ᠪᠢᠯᠢᠭ᠌ - ᠪᠠᠭᠠᠲᠤᠷ Мэлмийн шүүдэр - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠡᠯᠮᠡᠢ ᠶᠢᠨ ᠰᠢᠭᠦᠳᠡᠷᠢ – ᠶᠣᠨᠳᠣᠨ ᠤ ᠪᠢᠯᠢᠭ᠌ - ᠪᠠᠭᠠᠲᠤᠷ Мэлмийн шүүдэр - Ёндоны Билиг - Баатар

ᠮᠡᠯᠮᠡᠢ ᠶᠢᠨ ᠰᠢᠭᠦᠳᠡᠷᠢ – ᠶᠣᠨᠳᠣᠨ ᠤ ᠪᠢᠯᠢᠭ᠌ - ᠪᠠᠭᠠᠲᠤᠷ Мэлмийн шүүдэр - Ёндоны Билиг - Баатар

2024-05-20

306

ᠮᠡᠯᠮᠡᠢ ᠶᠢᠨ ᠰᠢᠭᠦᠳᠡᠷᠢ


        ( ᠳᠠᠭᠤᠨ ᠤ᠋ ᠦᠭᠡ) 

 ᠮᠡᠨᠳᠦ ᠮᠡᠨᠳᠦ ᠶ᠋ᠢᠨ ᠳᠡᠭᠡᠵᠢ ᠰᠠᠴᠤᠯᠢ ᠪᠠᠨ 
 ᠮᠥᠩᠭᠥᠨ ᠰᠢᠨᠠᠭᠠᠨ ᠠ᠋ᠴᠠ ᠲᠡᠭᠷᠢ ᠳ᠋ᠦ᠍ ᠡᠷᠭᠦᠩᠭᠡᠨ 
 ᠮᠡᠯᠮᠡᠷᠡᠨ ᠮᠡᠯᠮᠡᠷᠡᠨ ᠮᠠᠭᠤ ᠬᠦᠦ ᠪᠡᠨ ᠬᠦᠯᠢᠶᠡᠭᠰᠡᠨ 
 ᠮᠥᠮᠥ ᠯᠡ ᠶᠤ᠌ ᠮᠥᠮᠥ ᠶ᠋ᠢ ᠪᠡᠨ ᠳᠡᠩᠳᠡᠭᠦᠦ ᠰᠠᠨᠠᠯ᠎ᠠ  
    ᠮᠡᠯᠮᠡᠢ ᠶ᠋ᠢᠨ ᠰᠢᠭᠦᠳᠡᠷᠢ ᠳ᠋ᠦ᠍ 
    ᠨᠤᠲᠤᠭ ᠮᠢᠨᠢ ᠠᠭᠤᠰᠤᠨ ᠰᠦᠮᠡᠯᠵᠡᠨ᠎ᠡ ᠠ᠋ 
    ᠮᠡᠷᠭᠡᠨ ᠬᠥᠬᠡ ᠡᠪᠦᠭᠡᠳ ᠮᠢᠨᠢ 
    ᠮᠣᠷᠢᠨ ᠳᠡᠯ ᠳᠡᠭᠡᠭᠦᠷ ᠲᠠᠷᠴᠢᠭᠯᠠᠨ᠎ᠠ ᠠ᠋ 

 ᠠᠯᠤᠰ ᠠᠯᠤᠰ ᠤ᠋ᠨ ᠴᠡᠩᠬᠡᠷ ᠳᠠᠯᠠᠢ ᠠ᠋ᠴᠠ 
 ᠠᠯᠲᠠᠨ ᠠᠷᠤᠭ ᠳᠦᠭᠦᠷᠡᠩ ᠠᠯᠮᠠᠰ ᠡᠭᠦᠷᠦᠩᠭᠡᠨ 
 ᠦᠭᠡᠢᠯᠡᠨ ᠦᠭᠡᠢᠯᠡᠨ ᠠᠪᠤ ᠶ᠋ᠢ ᠪᠡᠨ ᠰᠠᠨᠠᠭᠰᠠᠨ 
 ᠠᠯᠠᠭ ᠯᠠ ᠶᠤ᠌ ᠠᠯᠠᠭ ᠦᠷ᠎ᠡ ᠴᠢᠨᠢ ᠬᠠᠷᠢᠯ᠎ᠠ 
    ᠮᠡᠯᠮᠡᠢ ᠶ᠋ᠢᠨ ᠰᠢᠭᠦᠳᠡᠷᠢ ᠳ᠋ᠦ᠍ 
    ᠬᠥᠳᠡᠭᠡ ᠮᠢᠨᠢ ᠬᠥᠬᠡᠷᠡᠨ ᠠᠯᠠᠭᠯᠠᠨ᠎ᠠ 
    ᠬᠥᠭᠰᠢᠨ ᠪᠤᠭᠤᠷᠤᠯ ᠡᠮᠡᠭᠡᠳ ᠮᠢᠨᠢ 
    ᠬᠥᠨᠥᠭ ᠲᠡᠢ ᠠᠢᠷᠠᠭ ᠰᠢᠭ᠋ ᠱᠤᠤᠭᠢᠨ᠎ᠠ ᠠ᠋ 

 ᠴᠢᠩ ᠴᠢᠩ ᠦ᠋ᠨ ᠬᠠᠢᠷ᠎ᠠ ᠲᠠᠯᠠᠷᠬᠠᠯ ᠢ᠋ᠶ᠋ᠠᠨ 
 ᠴᠢᠨᠳᠠᠮᠤᠨᠢ ᠶᠢᠰᠦᠨ ᠡᠷᠳᠡᠨᠢ ᠪᠡᠷ ᠰᠢᠳᠢᠵᠢᠭᠦᠯᠦᠩᠬᠡᠨ 
 ᠠᠴᠢᠨᠠᠷ ᠤ᠋ᠨ ᠢ᠋ᠶ᠋ᠠᠨ ᠵᠤᠯᠠᠢ ᠶ᠋ᠢ ᠦᠨᠦᠷᠯᠡᠬᠦ ᠶ᠋ᠢ ᠬᠦᠰᠡᠭᠰᠡᠨ 
 ᠠᠪᠤ ᠯᠠ ᠶᠤ᠌ ᠡᠵᠢ ᠲᠡᠢ ᠪᠡᠨ ᠮᠥᠷᠭᠥᠨ ᠵᠣᠯᠭᠠᠯ᠎ᠠ 
    ᠮᠡᠯᠮᠡᠢ ᠶ᠋ᠢᠨ ᠰᠢᠭᠦᠳᠡᠷᠢ ᠳ᠋ᠦ᠍ 
    ᠮᠥᠩᠬᠡ ᠶ᠋ᠢᠨ ᠷᠠᠰᠢᠶᠠᠨ ᠮᠡᠯᠮᠡᠯᠵᠡᠨ᠎ᠡ ᠠ᠋ 
    ᠮᠢᠩᠭ᠎ᠠ ᠮᠢᠩᠭᠠᠨ ᠵᠢᠯ ᠢ᠋ᠶ᠋ᠡᠷ 
    ᠬᠤᠢᠪᠢᠨ ᠭᠢᠯᠪᠡᠬᠡᠨ ᠰᠠᠴᠤᠷᠠᠨ᠎ᠠ ᠠ᠋    

         2024᠂ 1᠂ 8᠃  ᠦᠳᠡ ᠶ᠋ᠢᠨ ᠬᠣᠢᠨ᠎ᠠ᠃  

        ᠰᠢᠯᠤᠭᠤᠨ ᠬᠥᠪᠡᠭᠡᠲᠦ ᠴᠠᠭᠠᠨ (ᠲᠥᠷᠥᠭᠰᠡᠨ ᠨᠤᠲᠤᠭ) 
        ᠬᠤᠰᠢᠭᠤᠨ ᠠ᠋ᠴᠠ ᠬᠥᠬᠡᠬᠣᠲᠠ ᠬᠦᠷᠬᠦ ᠭᠠᠯᠲᠤ ᠳᠡᠭᠡᠷ᠎ᠡ 
        ᠳᠣᠭᠳᠣᠯᠤᠮ᠎ᠠ ᠣᠩᠭᠣᠳ ᠢ᠋ᠶ᠋ᠠᠷ ᠪᠦᠲᠦᠭᠡᠪᠡᠢ᠃