ᠪᠠᠰᠠᠩᠬᠦᠦ ᠵᠢᠦ᠋ᠳᠣ᠋ ᠪᠥᠬᠡ ᠶᠢᠨ 2024 ᠣᠨ ᠤ ᠳᠡᠯᠡᠬᠡᠢ ᠶᠢᠨ ᠠᠪᠤᠷᠭᠤ 48kg ᠰᠢᠯᠭᠠᠷᠠᠭᠤᠯᠬᠤ ᠳᠦ ᠠᠯᠲᠠᠨ ᠮᠧᠳᠠᠯ ᠠᠪᠤᠯ᠎ᠠБаасанхүү жүдо бөгийн 2024 оны дэлхийн аварга шалгаруулах 48kg- алтан медаль авлаа
ᠬᠠᠭᠠᠰ ᠰᠢᠭᠰᠢᠭᠡ ᠳᠦ
ᠹᠢᠨᠠᠯ ᠳᠤ
ᠮᠧᠳᠠᠯ ᠤᠨ ᠲᠠᠪᠴᠠᠩ ᠳᠤ
ᠵᠢᠦ᠋ᠳᠣ᠋ ᠪᠥᠬᠡ ᠶᠢᠨ 2024 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠷᠠᠪ ᠤᠨ ᠨᠢᠭᠡᠳᠦᠭᠰᠡᠨ ᠡᠮᠢᠷᠲ ᠤᠯᠤᠰ ᠤᠨ ᠠᠪᠤᠳ᠋ᠠᠪᠢ ᠬᠣᠲᠠᠨ ᠳᠤ ᠡᠬᠢᠯᠡᠯ᠎ᠡ᠃ 107 ᠣᠷᠣᠨ ᠤ 658 ᠲᠠᠮᠢᠷᠴᠢᠨ ᠪᠦᠷᠢᠳᠬᠡᠭᠦᠯᠦᠭᠰᠡᠨ ᠲᠡᠮᠡᠴᠡᠭᠡᠨ ᠳᠦ ᠮᠣᠩᠭᠣᠯ ᠤᠨ ᠰᠢᠭᠰᠢᠭᠡ ᠪᠠᠭ ᠤᠨ 18 ᠪᠥᠬᠡ ᠵᠣᠳᠣᠭᠯᠠᠵᠤ ᠪᠠᠢᠨ᠎ᠠ᠃
48 ᠺᠢᠯᠣᠭ᠌ᠷᠠᠮ ᠳᠤ ᠪᠠᠪᠤᠳᠣᠷᠵᠢ ᠶᠢᠨ ᠪᠠᠰᠠᠩᠬᠦᠦ ᠠᠯᠲᠠᠨ ᠮᠧᠳᠠᠯ ᠠᠪᠤᠯ᠎ᠠ᠃
24 ᠨᠠᠰᠤᠲᠠᠢ ᠪ ∙ ᠪᠠᠪᠤᠳᠣᠷᠵᠢ 《D》 ᠬᠡᠰᠡᠭ ᠲᠦ ᠡᠬᠢᠨ ᠦ ᠲᠣᠭᠣᠷᠢᠭ ᠲᠤ ᠭᠣᠴᠣ ᠮᠥᠷᠭᠥᠵᠦ ᠰᠢᠭᠰᠢᠭᠡ 32 ᠍ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠮᠠᠷᠢᠶ᠎ᠠ ᠰᠧᠯᠸᠨ ᠯᠠᠪᠣᠷᠳᠧ᠂ ᠰᠢᠭᠰᠢᠭᠡ 16 ᠳᠦ ᠢᠰᠠᠯᠢᠯ ᠤᠨ ᠰᠢᠷ᠎ᠠ ᠷᠢᠱᠣᠨᠢ᠂ ᠰᠢᠭᠰᠢᠭᠡ ᠶᠢᠨ ᠨᠠᠢ᠍ᠮᠠ ᠳᠤ ᠫᠣᠷᠲ᠋ᠦ᠋ᠭᠠᠯ ᠤᠨ ᠺᠠᠲ᠋ᠠᠷᠢᠨ᠎ᠠ ᠺᠣᠱᠲᠠ᠂ ᠬᠠᠭᠠᠰ ᠰᠢᠭᠰᠢᠭᠡ ᠳᠦ ᠬᠠᠰᠠᠭᠰᠲ᠋ᠠᠨ ᠤ ᠠᠪᠢᠪᠠ ᠠᠪᠦᠷᠠᠺ ᠤᠨᠠᠪᠠ ᠨᠠᠷ ᠢ ᠢᠯᠠᠵᠤ ᠹᠢᠨᠠᠯ ᠳᠤ ᠰᠢᠯᠭᠠᠷᠠᠭᠰᠠᠨ᠃ ᠹᠢᠨᠠᠯ ᠳᠤ ᠢᠲ᠋ᠠᠯᠢ ᠶᠢᠨ ᠠᠰᠠᠰᠤᠨᠲᠠ ᠰᠺᠦ᠋ᠲ᠋ᠧᠲ᠋ᠣᠭ ᠴᠠᠭ ᠳᠠᠭᠤᠰᠬᠤ ᠮᠥᠴᠡ ᠳᠦ ᠸᠠᠽᠠ ᠠᠷᠢ ᠪᠡᠷ ᠢᠯᠠᠵᠤ ᠠᠯᠲᠠᠨ ᠮᠧᠳᠠᠯ ᠤᠨ ᠲᠠᠪᠴᠠᠩ ᠳᠤ ᠵᠣᠭᠰᠣᠪᠠ᠃
