ᠡᠨᠡᠬᠡᠨ ᠬᠣᠷᠸ᠎ᠠ ᠳ᠋ᠤ᠌-ᠬᠥᠳᠡᠬᠢᠳ ᠱ· ᠲᠡᠮᠴᠡᠭᠳᠣᠩᠷᠤᠪЭнэхэн хорвоод-Хүүдэгд Ш·Дэмчигдонров
ᠡᠨᠡᠬᠡᠨ ᠬᠣᠷᠸ᠎ᠠ ᠳ᠋ᠤ᠌
— ᠬᠥᠳᠡᠬᠢᠳ ᠱ· ᠲᠡᠮᠴᠡᠭᠳᠣᠩᠷᠤᠪ
ᠡᠨᠡ ᠯᠡ ᠭᠦᠷᠦᠨ ᠬᠠᠮᠢᠶᠠᠲᠤᠭᠰᠠᠨ ᠪᠣᠯᠬᠣᠷ
ᠡᠯᠲᠡᠷᠡᠵᠦ ᠬᠣᠯᠲᠣᠷᠠᠵᠤ ᠯᠠ ᠶᠠᠪᠤᠬᠤ ᠶᠤᠮ ᠳᠠ᠁
ᠡᠪᠦᠭᠡ ᠳᠡᠭᠡᠳᠦ ᠶ᠋ᠢᠨ ᠢ᠋ᠶ᠋ᠡᠨ ᠬᠠᠢᠷ᠎ᠠ ᠰᠤᠷᠭᠠᠯ ᠢ᠋
ᠡᠪᠴᠢᠭᠦᠦ ᠴᠡᠭᠡᠵᠢᠨ ᠳ᠋ᠡᠭᠡᠨ ᠬᠠᠲᠠᠬᠤ ᠯᠠ ᠶᠤᠮ ᠳᠠ᠁
ᠬᠠᠲᠠᠭᠤ ᠣᠷᠴᠢᠯᠠᠩ ᠳ᠋ᠤ᠌ ᠵᠠᠶᠠᠭᠠᠭᠳᠠᠭᠰᠠᠨ ᠪᠣᠯᠬᠣᠷ
ᠬᠠᠯᠲᠤᠷᠢᠵᠤ ᠪᠦᠳᠦᠷᠢᠵᠦ ᠯᠡ ᠶᠠᠪᠤᠬᠤ ᠶᠤᠮ᠁
ᠬᠠᠯᠠᠭᠤᠨ ᠨᠤᠲᠤᠭ ᠤ᠋ᠨ ᠢ᠋ᠶ᠋ᠠᠨ ᠭᠠᠵᠠᠷ ᠰᠢᠷᠣᠢ ᠶ᠋ᠢ
ᠬᠠᠢᠷᠠᠯᠠᠬᠤ ᠰᠡᠳᠬᠢᠯ ᠳ᠋ᠡᠭᠡᠨ ᠪᠣᠳᠣᠬᠤ ᠯᠠ ᠶᠤᠮ ᠳᠠ᠁
ᠡᠨᠡ ᠯᠡ ᠨᠡᠢᠭᠡᠮ ᠲᠣᠬᠢᠶᠠᠯᠳᠤᠭᠰᠠᠨ ᠪᠣᠯᠬᠣᠷ
ᠡᠯᠳᠡᠪ ᠪᠦᠬᠦᠨ ᠢ᠋ ᠯᠡ ᠦᠵᠡᠬᠦ ᠶᠦᠮ ᠳᠡ᠁
ᠡᠷ᠎ᠡ ᠵᠣᠷᠢᠭ ᠤ᠋ᠨ ᠢ᠋ᠶ᠋ᠠᠨ ᠰᠢᠨᠳᠠᠰᠤ ᠶ᠋ᠢ
ᠡᠨᠡᠬᠡᠨ ᠪᠡᠶ᠎ᠡ ᠳ᠋ᠡᠭᠡᠨ ᠡᠷᠴᠢᠯᠡᠬᠦ ᠯᠡ ᠶᠦᠮ ᠳᠡ᠁
ᠬᠠᠴᠢᠨ ᠬᠣᠷᠸ᠎ᠠ ᠳ᠋ᠤ᠌ ᠬᠠᠷᠭᠤᠭᠳᠠᠭᠰᠠᠨ ᠪᠣᠯᠬᠣᠷ
ᠬᠠᠯᠠᠵᠤ ᠬᠦᠷᠦᠬᠦ ᠶ᠋ᠢ ᠯᠡ ᠲᠤᠭᠤᠯᠬᠤ ᠶᠤᠮ ᠳᠠ᠁
ᠬᠠᠮᠤᠭ ᠮᠣᠩᠭᠣᠯ ᠤ᠋ᠨ ᠢ᠋ᠶ᠋ᠠᠨ ᠳᠡᠭᠵᠢᠨ ᠪᠣᠰᠬᠤ ᠶ᠋ᠢ
ᠬᠠᠢᠬᠤ ᠬᠦᠰᠡᠯᠡᠩ ᠳ᠋ᠡᠭᠡᠨ ᠰᠠᠨᠠᠭᠠᠯᠵᠠᠬᠤ ᠶᠤᠮ ᠳᠠ᠁
ᠦᠰᠦᠭ ᠠᠮᠢᠯᠠᠭᠴᠢ᠄ ᠣᠶᠤᠨᠪᠠᠲᠤ
ᠬᠢᠨᠠᠭᠴᠢ᠄ ᠣᠳᠬᠠᠨᠰᠣ᠎ᠠ
