ᠤᠨᠠᠭᠠᠨ ᠬᠠᠯᠲᠠᠷ <ᠬᠣᠶᠠᠷ> - ᠴᠣ ᠂ ᠣᠷᠱᠤᠨ Унаган халтар <2> – Чо ᠂ Оршин
ᠤᠨᠠᠭᠠᠨ ᠬᠠᠯᠲᠠᠷ – ᠬᠣᠶᠠᠷ
ᠤᠨᠳᠤᠷᠤᠮᠠᠯ ᠪᠤᠯᠠᠭ ᠤ᠋ᠨ ᠤᠰᠤᠨ ᠳ᠋ᠤ᠌
ᠤᠨᠠᠭᠠᠨ ᠲᠤᠭᠤᠷᠠᠢ ᠶ᠋ᠢᠨ ᠵᠠᠮᠠᠭ
ᠤᠤᠭᠠᠨ ᠬᠠᠯᠲᠠᠷ ᠤ᠋ᠨ ᠥᠰᠦᠯᠲᠡ
ᠤᠶᠠᠬᠠᠨ ᠰᠢᠯᠦᠭ ᠦ᠋ᠨ ᠪᠠᠳᠠᠭ᠃
ᠲᠡᠷᠡ ᠵᠢᠯ ᠦ᠋ᠨ ᠨᠠᠮᠤᠷ
ᠲᠡᠷᠭᠡᠲᠦ ᠬᠣᠭᠣᠯᠠᠢ ᠶ᠋ᠢᠨ ᠵᠠᠬ᠎ᠠ
ᠦᠬᠡᠷ ᠰᠦᠷᠦᠭ ᠢ᠋ᠶ᠋ᠡᠨ ᠬᠤᠵᠢᠷᠯᠠᠵᠤ
ᠡᠪᠦᠭᠡᠨ ᠵᠠᠮᠰᠤ ᠶᠠᠪᠤᠲᠠᠯ᠎ᠠ
ᠪᠤᠷᠭᠠᠰᠤᠲᠤ ᠲᠣᠬᠣᠢ ᠶ᠋ᠢᠨ ᠪᠤᠯᠤᠩ
ᠪᠤᠲᠠ ᠰᠢᠷᠣᠢ ᠶ᠋ᠢᠨ ᠳᠡᠷᠭᠡᠳᠡ
ᠪᠣᠰᠴᠤ ᠠᠷᠠᠢ ᠴᠢᠳᠠᠬᠤ ᠦᠭᠡᠢ
ᠪᠣᠷᠪᠢ ᠬᠥᠰᠢᠨ ᠬᠡᠪᠲᠡᠭᠰᠡᠨ ᠬᠠᠯᠲᠠᠷ
ᠵᠢᠰᠦᠮ ᠦ᠋ᠨ ᠤᠨᠠᠭ᠎ᠠ
ᠬᠠᠲᠠᠵᠤ ᠴᠠᠩᠭᠠᠮᠠᠷ ᠪᠠᠢᠬᠤ ᠳ᠋ᠤ᠌
ᠬᠠᠮᠠᠭᠠᠯᠠᠵᠤ ᠠᠪᠠᠴᠢᠬᠤ ᠦᠭᠡᠢ ᠶᠦᠮ ᠪᠣᠯ
ᠬᠠᠷᠠᠯᠠᠬᠤ ᠠᠶᠤᠯ ᠲᠠᠢ ᠦᠶᠡᠰ
ᠥᠨᠥᠴᠢᠨ ᠤᠨᠠᠭ᠎ᠠ ᠶ᠋ᠢ ᠲᠡᠪᠡᠷᠢᠵᠦ
ᠡᠮᠦᠨ᠎ᠡ ᠬᠣᠷᠮᠣᠢ ᠪᠠᠷ ᠢ᠋ᠶ᠋ᠠᠨ ᠪᠣᠭᠣᠵᠤ
ᠡᠷᠦᠬᠡ ᠭᠡᠷ ᠲᠡᠭᠡᠨ ᠠᠪᠴᠢᠷᠠᠨ
ᠥᠯ ᠵᠠᠯᠭᠠᠭᠤᠯᠤᠨ ᠲᠡᠵᠢᠭᠡᠵᠡᠢ᠃
ᠥᠨᠳᠡᠢᠬᠦ ᠭᠡᠵᠦ ᠥᠶᠦᠭᠡᠳᠦᠪᠡᠯ
ᠡᠷᠭᠦᠵᠦ ᠵᠠᠯᠭ᠎ᠠ ᠪᠤᠰᠬᠠᠨ᠎ᠠ
ᠡᠪᠡᠰᠦ ᠢᠳᠡᠬᠦ ᠪᠡᠷ ᠦᠦᠷᠰᠡᠪᠡᠯ
ᠡᠭᠦᠷᠴᠦ ᠠᠪᠴᠢᠷᠠᠭᠠᠳ ᠲᠡᠵᠢᠭᠡᠨ᠎ᠡ᠃
ᠬᠠᠮᠲᠤ ᠪᠠᠷ ᠬᠠᠢᠷᠠᠯᠠᠬᠤ ᠰᠡᠳᠬᠢᠯ
ᠬᠠᠯᠠᠭᠤᠨ ᠭᠡᠭᠴᠢ ᠶᠠᠷᠢᠶᠠᠨ ᠦᠭᠡᠢ
ᠬᠠᠰᠢᠷ ᠬᠥᠮᠦᠨ ᠦ᠌ ᠲᠣᠷᠳᠠᠯᠭᠠ
ᠳᠡᠮᠲᠡᠢ ᠭᠡᠳᠡᠭ ᠨᠢ ᠬᠡᠯᠡᠯᠭᠡᠨ ᠦᠭᠡᠢ
ᠬᠥᠬᠡ ᠡᠪᠡᠰᠦ ᠬᠠᠯᠢᠭᠤᠷᠠᠭᠠᠳ
ᠬᠥᠬᠥᠭᠡ ᠰᠢᠪᠠᠭᠤ ᠳᠣᠩᠭᠣᠳᠬᠤ ᠳ᠋ᠤ᠌
ᠬᠥᠳᠡᠯᠮᠦᠷᠢᠴᠢ ᠮᠠᠯᠴᠢᠨ ᠤ᠋ ᠲᠤᠰᠠ ᠪᠠᠷ
ᠬᠥᠭᠡᠷᠦᠬᠦᠢ ᠤᠨᠠᠭ᠎ᠠ ᠬᠥᠷᠥᠪᠡᠵᠢᠵᠦ
ᠰᠢᠮ᠎ᠡ ᠰᠢᠭᠦᠰᠦ ᠨᠢ ᠪᠦᠷᠢᠳᠦᠨ
ᠰᠢᠷᠬᠡᠭ ᠮᠢᠬ᠎ᠠ ᠨᠢ ᠪᠠᠳᠡᠢᠯᠠ
ᠰᠢᠯᠢ᠂ ᠬᠥᠲᠥᠯ ᠢ᠋ᠶ᠋ᠡᠷ ᠢᠳᠡᠰᠢᠯᠡᠵᠦ
ᠰᠢᠳᠢᠲᠦ ᠬᠦᠯᠦᠭ ᠲᠣᠷᠨᠢᠯ᠎ᠠ᠃
ᠦᠳᠡᠰᠢ ᠳᠣᠷᠭᠢᠵᠤ ᠳᠠᠭᠤᠳᠠᠪᠠᠯ
ᠦᠦᠷᠰᠡᠵᠦ ᠢᠨᠴᠠᠭᠠᠨ ᠢᠷᠡᠨ᠎ᠡ
ᠡᠪᠦᠭᠡᠨ ᠵᠠᠮᠰᠤ ᠶ᠋ᠢᠨ ᠭᠠᠷ ᠢ᠋
ᠦᠨᠦᠷᠯᠡᠵᠦ ᠲᠣᠭᠣᠷᠢᠨ ᠵᠣᠭᠰᠣᠨ᠎ᠠ᠃
ᠮᠠᠯᠴᠢᠨ ᠡᠪᠦᠭᠡᠨ ᠪᠡᠶᠡᠰᠴᠦ
ᠮᠠᠩᠨᠠᠢ ᠶ᠋ᠢᠨ ᠠᠲᠤᠷᠢᠶ᠎ᠠ ᠲᠡᠨᠢᠢᠭᠡᠳ
《 ᠤᠨᠠᠭᠠᠨ ᠬᠠᠯᠲᠠᠷ ᠮᠢᠨᠢ ᠥᠰᠦᠭᠡᠷᠡᠢ
ᠤᠳᠤᠮᠲᠤ ᠬᠦᠯᠦᠭ ᠪᠣᠯᠤᠭᠠᠷᠠᠢ!》 ᠭᠡᠵᠦ
ᠵᠣ ᠨᠢᠷᠤᠭᠤ ᠶ᠋ᠢ ᠨᠢ ᠢᠯᠪᠢᠨ
ᠵᠣᠭ ᠲᠣᠰᠣᠨ ᠬᠠᠷᠠᠭᠠᠳ
ᠳᠡᠯ ᠰᠡᠭᠦᠯ ᠢ᠋ ᠨᠢ ᠰᠠᠮᠨᠠᠨ
ᠳᠡᠷᠭᠡᠳᠡ ᠨᠢ ᠦᠭᠡᠯᠡᠵᠦ ᠪᠠᠢᠳᠠᠭ᠃
ᠥᠨᠥᠴᠢᠨ ᠬᠠᠯᠲᠠᠷ ᠤᠨᠠᠭ᠎ᠠ
ᠥᠰᠴᠦ ᠬᠢᠵᠠᠯᠠᠩ ᠪᠣᠯᠬᠤ ᠳ᠋ᠤ᠌
ᠦᠷᠢᠶ᠎ᠡ ᠠᠭᠳᠠᠯᠭᠠᠨ ᠤ᠋ ᠨᠠᠢᠷ
ᠦᠷᠡᠯᠲᠦ ᠲᠣᠬᠣᠢ ᠳ᠋ᠤ᠌ ᠪᠣᠯᠵᠠᠢ᠃
ᠴᠠᠭᠠᠨ ᠲᠣᠭᠣᠰᠣ ᠲᠠᠲᠠᠭᠠᠳ
ᠴᠠᠬᠢᠯᠳᠠᠭᠲᠤ ᠬᠥᠨᠳᠡᠢ ᠭᠦᠪᠦᠯᠵᠡᠯᠡ
ᠴᠠᠢᠪᠤᠷ ᠮᠣᠷᠢᠳ ᠤ᠋ᠨ ᠡᠯᠦᠨᠡ
ᠪᠠᠷᠠᠭᠠᠨ ᠲᠣᠭᠣᠰᠣ ᠳᠡᠭᠳᠡᠯ᠎ᠡ᠃
ᠳᠠᠯᠠᠩ ᠬᠠᠪᠴᠢᠭᠠᠳ ᠢᠷᠡᠳᠡᠭ
ᠶᠠᠮᠠᠷ ᠮᠣᠷᠢ ᠪᠣᠯᠴᠢᠬᠠᠪᠠ?
ᠳᠠᠭᠠᠭᠠᠮᠠᠭᠠᠢ ᠰᠣᠷᠢᠯᠲᠠ ᠬᠢᠭᠰᠡᠨ
ᠬᠡᠨ ᠭᠡᠭᠴᠢ ᠪᠣᠯᠪᠠ?
ᠬᠥᠮᠦᠰ ᠲᠦᠷᠬᠢᠯᠳᠦᠭᠡᠳ ᠭᠠᠷᠲᠠᠯ᠎ᠠ
ᠬᠦᠯᠦᠭ ᠦ᠋ᠨ ᠲᠤᠭᠤᠷᠠᠢ ᠲᠠᠴᠢᠭᠢᠨᠠᠨᠠ
ᠬᠦᠯᠦᠭ ᠦ᠋ᠨ ᠲᠤᠭᠤᠷᠠᠢ ᠶ᠋ᠢᠨ ᠲᠦᠪᠡᠷᠭᠡᠨ ᠲᠡᠢ
ᠬᠡᠦᠬᠡᠳ ᠦ᠋ᠨ ᠳᠠᠭᠤ ᠴᠣ ᠰᠣᠨᠣᠰᠳᠠᠨ᠎ᠠ᠃
ᠰᠤᠩᠬᠤ ᠠᠭᠰᠢᠬᠤ ᠨᠢ ᠭᠠᠢᠬᠠᠯᠲᠠᠢ
ᠰᠤᠮᠤᠳᠠᠭᠠᠳ ᠬᠠᠯᠲᠠᠷ ᠢᠷᠡᠯ᠎ᠡ
ᠴᠤᠪᠤᠭᠤᠯᠤᠭᠠᠳ ᠲᠠᠯᠪᠢᠭᠰᠠᠨ ᠵᠡᠷᠭᠡ ᠡᠴᠡ
ᠰᠤᠭᠤᠷᠠᠭᠠᠳ ᠬᠠᠯᠲᠠᠷ ᠲᠡᠷᠢᠭᠦᠯᠡᠯ᠎ᠡ᠃
ᠥᠨᠥᠴᠢᠨ ᠤᠨᠠᠭ᠎ᠠ ᠪᠠᠢᠭᠰᠠᠨ ᠨᠢ
ᠥᠨᠥ ᠪᠣᠳᠣᠬᠤ ᠳ᠋ᠤ᠌ ᠰᠠᠶᠢᠬᠠᠨ
ᠦᠵᠦᠭᠦᠷᠯᠡᠵᠦ ᠢᠷᠡᠭᠰᠡᠨ ᠬᠠᠯᠲᠠᠷ ᠤ᠋ᠨ
ᠦᠯᠢᠭᠡᠷ ᠶᠠᠷᠢᠶ᠎ᠠ ᠠᠷᠪᠢᠨ ᠮᠣᠷᠢᠨ ᠳ᠋ᠤ᠌
ᠬᠣᠷᠣᠬᠠᠢᠲᠠᠢ ᠬᠥᠮᠦᠰ ᠮᠠᠯᠴᠢᠨ ᠡᠪᠦᠭᠡ ᠲᠡᠢ ᠤᠴᠠᠷᠠᠨ᠎ᠠ
ᠰᠤᠭᠤ ᠰᠢᠭ᠋ ᠰᠠᠢᠬᠠᠨ ᠮᠣᠷᠢᠳ ᠢ᠋ᠶ᠋ᠠᠷ
ᠰᠣᠯᠢᠵᠤ ᠠᠪᠤᠶ᠎ᠠ ᠭᠡᠨ᠎ᠡ᠃
《 ᠬᠡᠨ ᠳ᠋ᠦ᠍ ᠴᠦ᠍ ᠥᠭᠬᠦ ᠦᠭᠡᠢ
ᠬᠦᠯᠦᠭ ᠪᠣᠯᠭᠠᠵᠤ ᠦᠵᠡᠨ᠎ᠡ
ᠥᠨᠥᠴᠢᠨ ᠢ᠋ᠶ᠋ᠡᠨ ᠮᠣᠷᠢ ᠪᠣᠯᠬᠤ ᠶ᠋ᠢ
ᠡᠪᠦᠭᠡᠨ ᠪᠢ ᠬᠠᠷᠠᠨ᠎ᠠ》 ᠭᠡᠵᠦ ᠮᠠᠯᠴᠢᠨ ᠵᠠᠮᠰᠤ ᠶ᠋ᠢᠨ ᠬᠠᠷᠢᠭᠤᠯᠲᠠ ᠳ᠋ᠤ᠌ ᠮᠠᠷᠭᠤᠵᠤ ᠭᠠᠷᠳᠠᠭ ᠦᠭᠡᠢ ᠳ᠋ᠦ᠍ ᠵᠣᠵᠢᠭ ᠵᠠᠩ ᠲᠠᠢ ᠵᠥᠷᠢᠭᠦᠳ ᠡᠪᠦᠭᠡᠨ ᠳ᠋ᠦ᠍ ᠨᠡᠢᠲᠡ ᠪᠦᠭᠦᠳᠡ ᠶᠠᠷᠢᠬᠤ ᠠ᠋ᠴᠠ ᠪᠢᠰᠢ ᠨᠠᠨᠳᠢᠨ ᠴᠢᠨᠠᠷ ᠢ᠋ ᠨᠢ ᠮᠡᠳᠡᠭᠰᠡᠨ ᠦᠭᠡᠢ᠂ ᠨᠡᠢᠭᠡᠮ ᠣᠯᠠᠨ ᠬᠡᠯᠡᠯᠴᠡᠬᠦ ᠡᠴᠡ ᠪᠢᠰᠢ ᠨᠢᠭᠲᠠᠯᠠᠵᠤ ᠶᠡᠷᠦ ᠣᠢᠯᠠᠭᠠᠭᠰᠠᠨ ᠦᠭᠡᠢ᠃ ᠦᠰᠦᠭ ᠠᠮᠢᠯᠠᠭᠤᠯᠤᠭᠴᠢ᠄ ᠪᠠᠶᠠᠷᠴᠡᠴᠡᠭ
ᠤᠨᠳᠤᠷᠤᠮᠠᠯ ᠪᠤᠯᠠᠭ ᠤ᠋ᠨ ᠤᠰᠤᠨ ᠳ᠋ᠤ᠌
ᠤᠨᠠᠭᠠᠨ ᠲᠤᠭᠤᠷᠠᠢ ᠶ᠋ᠢᠨ ᠵᠠᠮᠠᠭ
ᠤᠤᠭᠠᠨ ᠬᠠᠯᠲᠠᠷ ᠤ᠋ᠨ ᠥᠰᠦᠯᠲᠡ
ᠤᠶᠠᠬᠠᠨ ᠰᠢᠯᠦᠭ ᠦ᠋ᠨ ᠪᠠᠳᠠᠭ᠃
ᠲᠡᠷᠡ ᠵᠢᠯ ᠦ᠋ᠨ ᠨᠠᠮᠤᠷ
ᠲᠡᠷᠭᠡᠲᠦ ᠬᠣᠭᠣᠯᠠᠢ ᠶ᠋ᠢᠨ ᠵᠠᠬ᠎ᠠ
ᠦᠬᠡᠷ ᠰᠦᠷᠦᠭ ᠢ᠋ᠶ᠋ᠡᠨ ᠬᠤᠵᠢᠷᠯᠠᠵᠤ
ᠡᠪᠦᠭᠡᠨ ᠵᠠᠮᠰᠤ ᠶᠠᠪᠤᠲᠠᠯ᠎ᠠ
ᠪᠤᠷᠭᠠᠰᠤᠲᠤ ᠲᠣᠬᠣᠢ ᠶ᠋ᠢᠨ ᠪᠤᠯᠤᠩ
ᠪᠤᠲᠠ ᠰᠢᠷᠣᠢ ᠶ᠋ᠢᠨ ᠳᠡᠷᠭᠡᠳᠡ
ᠪᠣᠰᠴᠤ ᠠᠷᠠᠢ ᠴᠢᠳᠠᠬᠤ ᠦᠭᠡᠢ
ᠪᠣᠷᠪᠢ ᠬᠥᠰᠢᠨ ᠬᠡᠪᠲᠡᠭᠰᠡᠨ ᠬᠠᠯᠲᠠᠷ
ᠵᠢᠰᠦᠮ ᠦ᠋ᠨ ᠤᠨᠠᠭ᠎ᠠ
ᠬᠠᠲᠠᠵᠤ ᠴᠠᠩᠭᠠᠮᠠᠷ ᠪᠠᠢᠬᠤ ᠳ᠋ᠤ᠌
ᠬᠠᠮᠠᠭᠠᠯᠠᠵᠤ ᠠᠪᠠᠴᠢᠬᠤ ᠦᠭᠡᠢ ᠶᠦᠮ ᠪᠣᠯ
ᠬᠠᠷᠠᠯᠠᠬᠤ ᠠᠶᠤᠯ ᠲᠠᠢ ᠦᠶᠡᠰ
ᠥᠨᠥᠴᠢᠨ ᠤᠨᠠᠭ᠎ᠠ ᠶ᠋ᠢ ᠲᠡᠪᠡᠷᠢᠵᠦ
ᠡᠮᠦᠨ᠎ᠡ ᠬᠣᠷᠮᠣᠢ ᠪᠠᠷ ᠢ᠋ᠶ᠋ᠠᠨ ᠪᠣᠭᠣᠵᠤ
ᠡᠷᠦᠬᠡ ᠭᠡᠷ ᠲᠡᠭᠡᠨ ᠠᠪᠴᠢᠷᠠᠨ
ᠥᠯ ᠵᠠᠯᠭᠠᠭᠤᠯᠤᠨ ᠲᠡᠵᠢᠭᠡᠵᠡᠢ᠃
ᠥᠨᠳᠡᠢᠬᠦ ᠭᠡᠵᠦ ᠥᠶᠦᠭᠡᠳᠦᠪᠡᠯ
ᠡᠷᠭᠦᠵᠦ ᠵᠠᠯᠭ᠎ᠠ ᠪᠤᠰᠬᠠᠨ᠎ᠠ
ᠡᠪᠡᠰᠦ ᠢᠳᠡᠬᠦ ᠪᠡᠷ ᠦᠦᠷᠰᠡᠪᠡᠯ
ᠡᠭᠦᠷᠴᠦ ᠠᠪᠴᠢᠷᠠᠭᠠᠳ ᠲᠡᠵᠢᠭᠡᠨ᠎ᠡ᠃
ᠬᠠᠮᠲᠤ ᠪᠠᠷ ᠬᠠᠢᠷᠠᠯᠠᠬᠤ ᠰᠡᠳᠬᠢᠯ
ᠬᠠᠯᠠᠭᠤᠨ ᠭᠡᠭᠴᠢ ᠶᠠᠷᠢᠶᠠᠨ ᠦᠭᠡᠢ
ᠬᠠᠰᠢᠷ ᠬᠥᠮᠦᠨ ᠦ᠌ ᠲᠣᠷᠳᠠᠯᠭᠠ
ᠳᠡᠮᠲᠡᠢ ᠭᠡᠳᠡᠭ ᠨᠢ ᠬᠡᠯᠡᠯᠭᠡᠨ ᠦᠭᠡᠢ
ᠬᠥᠬᠡ ᠡᠪᠡᠰᠦ ᠬᠠᠯᠢᠭᠤᠷᠠᠭᠠᠳ
ᠬᠥᠬᠥᠭᠡ ᠰᠢᠪᠠᠭᠤ ᠳᠣᠩᠭᠣᠳᠬᠤ ᠳ᠋ᠤ᠌
ᠬᠥᠳᠡᠯᠮᠦᠷᠢᠴᠢ ᠮᠠᠯᠴᠢᠨ ᠤ᠋ ᠲᠤᠰᠠ ᠪᠠᠷ
ᠬᠥᠭᠡᠷᠦᠬᠦᠢ ᠤᠨᠠᠭ᠎ᠠ ᠬᠥᠷᠥᠪᠡᠵᠢᠵᠦ
ᠰᠢᠮ᠎ᠡ ᠰᠢᠭᠦᠰᠦ ᠨᠢ ᠪᠦᠷᠢᠳᠦᠨ
ᠰᠢᠷᠬᠡᠭ ᠮᠢᠬ᠎ᠠ ᠨᠢ ᠪᠠᠳᠡᠢᠯᠠ
ᠰᠢᠯᠢ᠂ ᠬᠥᠲᠥᠯ ᠢ᠋ᠶ᠋ᠡᠷ ᠢᠳᠡᠰᠢᠯᠡᠵᠦ
ᠰᠢᠳᠢᠲᠦ ᠬᠦᠯᠦᠭ ᠲᠣᠷᠨᠢᠯ᠎ᠠ᠃
ᠦᠳᠡᠰᠢ ᠳᠣᠷᠭᠢᠵᠤ ᠳᠠᠭᠤᠳᠠᠪᠠᠯ
ᠦᠦᠷᠰᠡᠵᠦ ᠢᠨᠴᠠᠭᠠᠨ ᠢᠷᠡᠨ᠎ᠡ
ᠡᠪᠦᠭᠡᠨ ᠵᠠᠮᠰᠤ ᠶ᠋ᠢᠨ ᠭᠠᠷ ᠢ᠋
ᠦᠨᠦᠷᠯᠡᠵᠦ ᠲᠣᠭᠣᠷᠢᠨ ᠵᠣᠭᠰᠣᠨ᠎ᠠ᠃
ᠮᠠᠯᠴᠢᠨ ᠡᠪᠦᠭᠡᠨ ᠪᠡᠶᠡᠰᠴᠦ
ᠮᠠᠩᠨᠠᠢ ᠶ᠋ᠢᠨ ᠠᠲᠤᠷᠢᠶ᠎ᠠ ᠲᠡᠨᠢᠢᠭᠡᠳ
《 ᠤᠨᠠᠭᠠᠨ ᠬᠠᠯᠲᠠᠷ ᠮᠢᠨᠢ ᠥᠰᠦᠭᠡᠷᠡᠢ
ᠤᠳᠤᠮᠲᠤ ᠬᠦᠯᠦᠭ ᠪᠣᠯᠤᠭᠠᠷᠠᠢ!》 ᠭᠡᠵᠦ
ᠵᠣ ᠨᠢᠷᠤᠭᠤ ᠶ᠋ᠢ ᠨᠢ ᠢᠯᠪᠢᠨ
ᠵᠣᠭ ᠲᠣᠰᠣᠨ ᠬᠠᠷᠠᠭᠠᠳ
ᠳᠡᠯ ᠰᠡᠭᠦᠯ ᠢ᠋ ᠨᠢ ᠰᠠᠮᠨᠠᠨ
ᠳᠡᠷᠭᠡᠳᠡ ᠨᠢ ᠦᠭᠡᠯᠡᠵᠦ ᠪᠠᠢᠳᠠᠭ᠃
ᠥᠨᠥᠴᠢᠨ ᠬᠠᠯᠲᠠᠷ ᠤᠨᠠᠭ᠎ᠠ
ᠥᠰᠴᠦ ᠬᠢᠵᠠᠯᠠᠩ ᠪᠣᠯᠬᠤ ᠳ᠋ᠤ᠌
ᠦᠷᠢᠶ᠎ᠡ ᠠᠭᠳᠠᠯᠭᠠᠨ ᠤ᠋ ᠨᠠᠢᠷ
ᠦᠷᠡᠯᠲᠦ ᠲᠣᠬᠣᠢ ᠳ᠋ᠤ᠌ ᠪᠣᠯᠵᠠᠢ᠃
ᠴᠠᠭᠠᠨ ᠲᠣᠭᠣᠰᠣ ᠲᠠᠲᠠᠭᠠᠳ
ᠴᠠᠬᠢᠯᠳᠠᠭᠲᠤ ᠬᠥᠨᠳᠡᠢ ᠭᠦᠪᠦᠯᠵᠡᠯᠡ
ᠴᠠᠢᠪᠤᠷ ᠮᠣᠷᠢᠳ ᠤ᠋ᠨ ᠡᠯᠦᠨᠡ
ᠪᠠᠷᠠᠭᠠᠨ ᠲᠣᠭᠣᠰᠣ ᠳᠡᠭᠳᠡᠯ᠎ᠡ᠃
ᠳᠠᠯᠠᠩ ᠬᠠᠪᠴᠢᠭᠠᠳ ᠢᠷᠡᠳᠡᠭ
ᠶᠠᠮᠠᠷ ᠮᠣᠷᠢ ᠪᠣᠯᠴᠢᠬᠠᠪᠠ?
ᠳᠠᠭᠠᠭᠠᠮᠠᠭᠠᠢ ᠰᠣᠷᠢᠯᠲᠠ ᠬᠢᠭᠰᠡᠨ
ᠬᠡᠨ ᠭᠡᠭᠴᠢ ᠪᠣᠯᠪᠠ?
ᠬᠥᠮᠦᠰ ᠲᠦᠷᠬᠢᠯᠳᠦᠭᠡᠳ ᠭᠠᠷᠲᠠᠯ᠎ᠠ
ᠬᠦᠯᠦᠭ ᠦ᠋ᠨ ᠲᠤᠭᠤᠷᠠᠢ ᠲᠠᠴᠢᠭᠢᠨᠠᠨᠠ
ᠬᠦᠯᠦᠭ ᠦ᠋ᠨ ᠲᠤᠭᠤᠷᠠᠢ ᠶ᠋ᠢᠨ ᠲᠦᠪᠡᠷᠭᠡᠨ ᠲᠡᠢ
ᠬᠡᠦᠬᠡᠳ ᠦ᠋ᠨ ᠳᠠᠭᠤ ᠰᠣᠨᠣᠰᠳᠠᠨ᠎ᠠ᠃
ᠰᠤᠩᠬᠤ ᠠᠭᠰᠢᠬᠤ ᠨᠢ ᠭᠠᠢᠬᠠᠯᠲᠠᠢ
ᠰᠤᠮᠤᠳᠠᠭᠠᠳ ᠬᠠᠯᠲᠠᠷ ᠢᠷᠡᠯ᠎ᠡ
ᠴᠤᠪᠤᠭᠤᠯᠤᠭᠠᠳ ᠲᠠᠯᠪᠢᠭᠰᠠᠨ ᠵᠡᠷᠭᠡ ᠡᠴᠡ
ᠰᠤᠭᠤᠷᠠᠭᠠᠳ ᠬᠠᠯᠲᠠᠷ ᠲᠡᠷᠢᠭᠦᠯᠡᠯ᠎ᠡ᠃
ᠥᠨᠥᠴᠢᠨ ᠤᠨᠠᠭ᠎ᠠ ᠪᠠᠢᠭᠰᠠᠨ ᠨᠢ
ᠥᠨᠥ ᠪᠣᠳᠣᠬᠤ ᠳ᠋ᠤ᠌ ᠰᠠᠶᠢᠬᠠᠨ
ᠦᠵᠦᠭᠦᠷᠯᠡᠵᠦ ᠢᠷᠡᠭᠰᠡᠨ ᠬᠠᠯᠲᠠᠷ ᠤ᠋ᠨ
ᠦᠯᠢᠭᠡᠷ ᠶᠠᠷᠢᠶ᠎ᠠ ᠠᠷᠪᠢᠨ ᠮᠣᠷᠢᠨ ᠳ᠋ᠤ᠌
ᠬᠣᠷᠣᠬᠠᠢᠲᠠᠢ ᠬᠥᠮᠦᠰ ᠮᠠᠯᠴᠢᠨ ᠡᠪᠦᠭᠡ ᠲᠡᠢ ᠤᠴᠠᠷᠠᠨ᠎ᠠ
ᠰᠤᠭᠤ ᠰᠢᠭ᠋ ᠰᠠᠢᠬᠠᠨ ᠮᠣᠷᠢᠳ ᠢ᠋ᠶ᠋ᠠᠷ
ᠰᠣᠯᠢᠵᠤ ᠠᠪᠤᠶ᠎ᠠ ᠭᠡᠨ᠎ᠡ᠃
《 ᠬᠡᠨ ᠳ᠋ᠦ᠍ ᠴᠦ᠍ ᠥᠭᠬᠦ ᠦᠭᠡᠢ
ᠬᠦᠯᠦᠭ ᠪᠣᠯᠭᠠᠵᠤ ᠦᠵᠡᠨ᠎ᠡ
ᠥᠨᠥᠴᠢᠨ ᠢ᠋ᠶ᠋ᠡᠨ ᠮᠣᠷᠢ ᠪᠣᠯᠬᠤ ᠶ᠋ᠢ
ᠡᠪᠦᠭᠡᠨ ᠪᠢ ᠬᠠᠷᠠᠨ᠎ᠠ》 ᠭᠡᠵᠦ
ᠮᠠᠯᠴᠢᠨ ᠵᠠᠮᠰᠤ ᠶ᠋ᠢᠨ ᠬᠠᠷᠢᠭᠤᠯᠲᠠ ᠳ᠋ᠤ᠌
ᠮᠠᠷᠭᠤᠵᠤ ᠭᠠᠷᠳᠠᠭ ᠦᠭᠡᠢ ᠳ᠋ᠦ᠍
ᠵᠣᠵᠢᠭ ᠵᠠᠩ ᠲᠠᠢ ᠵᠥᠷᠢᠭᠦᠳ ᠡᠪᠦᠭᠡᠨ ᠳ᠋ᠦ᠍
ᠨᠡᠢᠲᠡ ᠪᠦᠭᠦᠳᠡ ᠶᠠᠷᠢᠬᠤ ᠠ᠋ᠴᠠ ᠪᠢᠰᠢ
ᠨᠠᠨᠳᠢᠨ ᠴᠢᠨᠠᠷ ᠢ᠋ ᠨᠢ ᠮᠡᠳᠡᠭᠰᠡᠨ ᠦᠭᠡᠢ᠂
ᠨᠡᠢᠭᠡᠮ ᠣᠯᠠᠨ ᠬᠡᠯᠡᠯᠴᠡᠬᠦ ᠡᠴᠡ ᠪᠢᠰᠢ
ᠨᠢᠭᠲᠠᠯᠠᠵᠤ ᠶᠡᠷᠦ ᠣᠢᠯᠠᠭᠠᠭᠰᠠᠨ ᠦᠭᠡᠢ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024᠂ 05᠂ 20
