ᠦᠷ᠎ᠡ ᠬᠡᠦᠬᠡᠳ ᠲᠡᠭᠡᠨ- ᠪᠣᠷᠵᠢᠭᠢᠨ ᠣᠳᠬᠣᠨᠪᠠᠶᠠᠷҮр хүүхэддээ-Боржгин Отгонбаяр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ᠎ᠡ ᠬᠡᠦᠬᠡᠳ ᠲᠡᠭᠡᠨ- ᠪᠣᠷᠵᠢᠭᠢᠨ ᠣᠳᠬᠣᠨᠪᠠᠶᠠᠷҮр хүүхэддээ-Боржгин Отгонбаяр

ᠦᠷ᠎ᠡ ᠬᠡᠦᠬᠡᠳ ᠲᠡᠭᠡᠨ- ᠪᠣᠷᠵᠢᠭᠢᠨ ᠣᠳᠬᠣᠨᠪᠠᠶᠠᠷҮр хүүхэддээ-Боржгин Отгонбаяр

2024-05-19

329

ᠦᠷ᠎ᠡ ᠬᠡᠦᠬᠡᠳ ᠲᠡᠭᠡᠨ

      ᠪᠣᠷᠵᠢᠭᠢᠨ ᠣᠳᠬᠣᠨᠪᠠᠶᠠᠷ 
ᠲᠥᠷᠥᠯᠬᠢ ᠬᠡᠯᠡ ᠪᠡᠨ ᠰᠤᠷᠭᠠᠬᠤ ᠨᠢ 
ᠡᠵᠢ ᠪᠣᠯᠣᠭᠰᠠᠳ ᠤ᠋ᠨ ᠡᠭᠦᠷᠭᠡ ᠠ᠋ 
ᠲᠦᠮᠡᠨ ᠣᠨ ᠢ᠋ᠶ᠋ᠠᠷ ᠥᠪᠯᠡᠭᠦᠯᠬᠦ ᠨᠢ 
ᠦᠶ᠎ᠡ ᠦᠶ᠎ᠡ ᠶ᠋ᠢᠨ ᠴᠢᠷᠮᠠᠢᠯᠭ᠎ᠠ ᠳ᠋ᠤ᠌ 

ᠮᠣᠩᠭᠣᠯ ᠪᠢᠴᠢᠭ ᠢ᠋ᠶ᠋ᠡᠨ ᠰᠤᠷᠭᠠᠬᠤ ᠨᠢ 
ᠠᠪᠤ ᠪᠣᠯᠣᠭᠰᠠᠳ ᠤ᠋ᠨ ᠡᠭᠦᠷᠭᠡ ᠠ᠋ 
ᠮᠢᠩᠭᠠᠨ ᠣᠨ ᠢ᠋ᠶ᠋ᠠᠷ ᠤᠯᠠᠮᠵᠢᠯᠠᠬᠤ ᠨᠢ 
ᠦᠶ᠎ᠡ ᠦᠶ᠎ᠡ ᠶ᠋ᠢᠨ ᠴᠢᠷᠮᠠᠢᠯᠭ᠎ᠠ ᠳ᠋ᠤ᠌ 

ᠪᠣᠰᠤᠭ᠎ᠠ ᠦᠰᠦᠭ ᠢ᠋ᠶ᠋ᠡᠨ ᠰᠤᠷᠭᠠᠬᠤ ᠨᠢ 
ᠠᠬᠠᠮᠠᠳ ᠪᠣᠯᠣᠭᠰᠠᠳ ᠤ᠋ᠨ ᠡᠭᠦᠷᠭᠡ ᠠ᠋ 
ᠪᠤᠮᠠᠨ ᠣᠨ ᠢ᠋ᠶ᠋ᠠᠷ ᠵᠠᠯᠭᠠᠯᠳᠤᠬᠤ ᠨᠢ
ᠦᠶ᠎ᠡ ᠦᠶ᠎ᠡ ᠶ᠋ᠢᠨ ᠴᠢᠷᠮᠠᠢᠯᠭ᠎ᠠ ᠳ᠋ᠤ᠌

ᠤᠷᠭᠤᠭ᠎ᠠ ᠦᠰᠦᠭ ᠢ᠋ᠶ᠋ᠡᠨ ᠵᠢᠭᠠᠬᠤ ᠨᠢ
ᠪᠦᠭᠦᠳᠡ ᠠᠬᠠᠮᠠᠳ ᠤ᠋ᠨ ᠡᠭᠦᠷᠭᠡ ᠠ᠋
ᠥᠨᠢ ᠡᠭᠦᠷᠢᠳᠡ ᠦᠷᠭᠦᠯᠵᠢᠯᠡᠭᠦᠯᠬᠦ ᠨᠢ
ᠪᠦᠬᠦ ᠮᠣᠩᠭᠣᠯᠴᠤᠳ ᠤ᠋ᠨ ᠴᠢᠷᠮᠠᠢᠯᠭ᠎ᠠ ᠳ᠋ᠤ᠌

   ᠵᠠᠷᠤᠳ᠂ ᠪᠠᠶᠠᠷᠲᠤᠬᠣᠰᠢᠭᠤ ᠪᠠᠯᠭᠠᠰᠤ
    2024 . 01 . 07
    ᠠ ᠠ᠋ ᠢ ᠣ ᠣ ᠦ ᠦ᠋
    ᠠ ᠠ᠋ ᠢ ᠣ ᠣ ᠦ ᠦ

   ᠦᠰᠦᠭ ᠠᠮᠢᠯᠠᠭᠤᠯᠤᠭᠴᠢ᠄ ᠡᠷᠳᠡᠨᠢᠭᠣᠤ᠎ᠠ
   ᠬᠢᠨᠠᠭᠴᠢ᠄ ᠣᠳᠬᠠᠨᠰᠣ᠎ᠠ