ᠤᠨᠠᠭᠠᠨ ᠬᠠᠯᠲᠠᠷ <ᠨᠢᠭᠡ> - ᠴᠣ ᠂ ᠣᠷᠱᠤᠨ Унаган халтар <1> – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠨᠠᠭᠠᠨ ᠬᠠᠯᠲᠠᠷ <ᠨᠢᠭᠡ> - ᠴᠣ ᠂ ᠣᠷᠱᠤᠨ Унаган халтар <1> – Чо ᠂ Оршин

ᠤᠨᠠᠭᠠᠨ ᠬᠠᠯᠲᠠᠷ <ᠨᠢᠭᠡ> - ᠴᠣ ᠂ ᠣᠷᠱᠤᠨ Унаган халтар <1> – Чо ᠂ Оршин

2024-05-19

213

ᠤᠨᠠᠭᠠᠨ ᠬᠠᠯᠲᠠᠷ <ᠨᠢᠭᠡ>


          ᠨᠢᠭᠡ 

 ᠨᠣᠮᠢᠨ ᠴᠡᠩᠬᠡᠷ ᠣᠭᠲᠠᠷᠭᠤᠢ ᠳ᠋ᠤ᠌  
 ᠬᠤᠨ ᠡᠭᠦᠯᠡᠰ ᠲᠤᠨᠤᠷᠠᠭᠰᠠᠨ  
 ᠨᠣᠭᠣᠭᠠᠨ ᠥᠭᠡᠳᠡᠩ ᠲᠠᠯ᠎ᠠ ᠳ᠋ᠤ᠌  
 ᠬᠤᠷᠠᠭ᠎ᠠ ᠢᠰᠢᠭᠡ ᠳᠠᠪᠠᠯᠠᠭᠰᠠᠨ  
 ᠴᠡᠴᠡᠭ ᠨᠣᠭᠣᠭ᠎ᠠ ᠳᠡᠯᠭᠡᠷᠡᠬᠦ  
 ᠴᠡᠩᠭᠡᠯᠲᠦ ᠬᠠᠪᠤᠷ ᠤ᠋ᠨ ᠳᠤᠮᠳᠠ  
 ᠴᠡᠯᠮᠡᠭᠦᠨ ᠤᠨᠢᠶᠠᠷ ᠲᠠᠲᠠᠭᠰᠠᠨ  
 ᠰᠡᠷᠢᠭᠦᠨ ᠠᠮᠢᠰᠬᠤᠯᠲᠤ ᠡᠳᠦᠷ  
 ᠠᠷᠠᠳ ᠤ᠋ᠨ ᠴᠡᠷᠢᠭ ᠲᠦ᠍ ᠬᠦᠷᠭᠡᠬᠦ  
 ᠠᠭᠲᠠ ᠪᠠᠷᠢᠬᠤ ᠠᠵᠢᠯ 
 ᠠᠩᠭᠢᠷᠲᠤ ᠰᠢᠯᠢ ᠶ᠋ᠢᠨ ᠵᠣ ᠳ᠋ᠤ᠌  
 ᠠᠶᠠᠲᠠᠢ ᠰᠠᠢᠬᠠᠨ ᠶᠠᠪᠤᠭᠳᠠᠪᠠ᠃  
 ᠬᠥᠷ ᠬᠥᠭᠵᠢᠶᠡᠨᠲᠦ ᠬᠦᠳᠡᠯᠮᠦᠷᠢᠯᠡᠯ  
 ᠬᠦᠴᠢᠷ ᠪᠡᠷᠬᠡ ᠶ᠋ᠢ ᠳᠠᠪᠠᠬᠤ ᠳ᠋ᠤ᠌  
 ᠬᠥᠮᠦᠰ ᠦ᠋ᠨ ᠨᠢᠭᠡ ᠭᠠᠵᠠᠷ ᠲᠤ  
 ᠬᠥᠲᠥᠯᠦᠭᠡ ᠮᠣᠷᠢᠲᠠᠨ ᠢᠯᠡᠷᠡᠯ᠎ᠡ᠃  
 ᠬᠠᠩᠬᠠᠷ ᠥᠷᠭᠡᠨ ᠴᠡᠭᠡᠵᠢ ᠲᠡᠢ  
 ᠬᠠᠷ᠎ᠠ ᠰᠢᠷᠪᠦᠭᠡᠷ ᠰᠠᠬᠠᠯ ᠲᠠᠢ  
 ᠬᠠᠪᠢ ᠣᠢᠷ᠎ᠠ ᠳ᠋ᠠᠭᠠᠨ ᠴᠤᠤᠲᠠᠢ  
 ᠬᠠᠮᠲᠤ ᠣᠯᠠᠨ ᠳ᠋ᠠᠭᠠᠨ ᠵᠢᠳᠬᠦᠯᠲᠡᠢ  
 ᠵᠢᠷᠠᠨ ᠨᠠᠰᠤ ᠶ᠋ᠢ ᠮᠤᠰᠬᠢᠬᠰᠠᠨ  
 ᠵᠠᠮᠰᠤ ᠡᠪᠦᠭᠡ ᠪᠣᠯᠬᠤ ᠶ᠋ᠢ  
 ᠬᠠᠷᠠᠭᠰᠠᠨ ᠪᠦᠬᠦᠨ ᠮᠡᠳᠡᠵᠦ ᠪᠢᠯᠡ  
 ᠬᠠᠷᠢᠨ ᠳᠣᠲᠣᠷ᠎ᠠ ᠪᠠᠨ ᠭᠠᠢᠬᠠᠵᠤ ᠪᠢᠯᠡ᠃
 《 ᠤᠨᠤᠬᠤ ᠮᠣᠷᠢ ᠰᠣᠯᠢᠶ᠎ᠠ》 ᠭᠡᠬᠦ ᠳ᠋ᠦ᠍ 
 ᠤᠨᠠᠭᠠᠨ ᠬᠠᠯᠲᠠᠷ ᠢ᠋ᠶ᠋ᠠᠨ ᠥᠭᠳᠡᠭ ᠦᠭᠡᠢ 
 ᠣᠳᠣ ᠶᠠᠭᠠᠬᠢᠭᠠᠳ ᠠᠪᠴᠢᠷᠠᠪᠠ?  
 ᠤᠴᠢᠷ ᠶᠠᠭᠤᠨ ᠳ᠋ᠤ᠌ ᠪᠣᠯᠪᠠ?》  
 ᠰᠢᠪᠡᠷ ᠢᠪᠢᠷ ᠬᠦᠦᠷᠨᠢᠨ᠎ᠡ 
 ᠴᠢᠬᠢᠯᠳᠦᠵᠦ ᠲᠦᠯᠬᠢᠯᠴᠡᠨ ᠵᠣᠭᠰᠣᠨ᠎ᠠ᠃  
 ᠰᠢᠷᠲᠡᠵᠦ ᠰᠣᠨᠢᠷᠬᠠᠭᠰᠠᠨ ᠬᠠᠷᠠᠴᠠ ᠪᠠᠷ  
 ᠰᠢᠢᠳᠪᠦᠷᠢ ᠶᠠᠭᠤ ᠶ᠋ᠢ ᠠᠵᠢᠨ᠎ᠠ᠃  
 ᠣᠯᠠᠨ ᠢ᠋ᠶ᠋ᠠᠷ ᠦᠢᠮᠡᠯᠳᠦᠨ ᠶᠠᠷᠢᠯᠴᠠᠵᠤ  
 ᠤᠬᠤᠴᠢᠯᠠᠵᠤ᠂ ᠯᠠᠪᠯᠠᠨ ᠠᠰᠠᠭᠤᠯᠴᠠᠬᠤ ᠶ᠋ᠢ   
 ᠤᠨᠠᠭᠠᠨ ᠬᠠᠯᠲᠠᠷ ᠤ᠋ᠨ ᠲᠤᠬᠠᠢ 
 ᠤᠴᠢᠷ ᠪᠣᠯᠵᠤ ᠰᠢᠪᠡᠨᠡᠯᠳᠦᠬᠦ ᠶ᠋ᠢ  
 ᠵᠠᠮᠰᠤ ᠡᠪᠦᠭᠡ ᠪᠠᠷᠤᠭᠯᠠᠭᠰᠠᠨ ᠴᠤ᠌  
 ᠵᠠᠪᠰᠠᠷᠯᠠᠵᠤ ᠶᠡᠷᠦ ᠰᠠᠭᠠᠲᠠᠭᠰᠠᠨ ᠦᠭᠡᠢ 
 ᠵᠠᠬ᠎ᠠ ᠬᠠᠪᠢᠳᠠᠭᠤ ᠪᠠᠢᠭᠰᠠᠨ  
 ᠵᠠᠮᠢᠶᠠᠨ ᠳᠠᠷᠤᠭ᠎ᠠ ᠶ᠋ᠢ ᠡᠷᠢᠵᠦ᠂ 
 《 ᠬᠥᠮᠦᠨ ᠦᠷ᠎ᠡ ᠪᠡᠨ ᠭᠡᠳᠡᠭ  
 ᠬᠦᠯᠦᠭ ᠲᠦ᠍ ᠤᠨᠠᠭ᠎ᠠ ᠪᠠᠨ ᠭᠡᠳᠡᠭ  
 ᠬᠥᠯᠥᠰᠥ ᠬᠦᠴᠦ ᠪᠡᠷ ᠲᠡᠵᠢᠭᠡᠭᠰᠡᠨ 
 ᠬᠥᠭᠡᠷᠦᠬᠦᠨ ᠤᠨᠠᠭᠠᠨ ᠬᠠᠯᠲᠠᠷ ᠢ᠋ᠶ᠋ᠠᠨ  
 ᠠᠪᠤ ᠴᠢᠨᠢ ᠪᠢ ᠠᠪᠴᠢᠷᠠᠯ᠎ᠠ 
 ᠠᠭᠲᠠ ᠪᠣᠯᠭᠠᠶ᠎ᠠ᠂ ᠣᠳᠣ 
 ᠠᠯᠲᠠᠨ ᠬᠢᠯᠢ ᠪᠡᠨ ᠴᠠᠭᠳᠠᠬᠤ ᠳ᠋ᠤ᠌  
 ᠠᠷᠭᠤᠮᠠᠭ ᠨᠢ ᠪᠣᠯᠤᠭ!》 ᠭᠡᠯ᠎ᠡ᠃ 
 ᠵᠠᠮᠢᠶᠠᠨ ᠳᠠᠷᠤᠭ᠎ᠠ ᠮᠡᠭᠳᠡᠷᠡᠵᠤ  
 ᠵᠠᠪᠳᠤᠵᠤ ᠲᠡᠭᠦᠨ ᠡᠴᠡ ᠯᠠᠪᠯᠠᠨ 
 《 ᠠᠭᠲᠠ ᠳ᠋ᠤ᠌ ᠬᠦᠷᠭᠡᠨ᠎ᠡ ᠭᠡᠵᠦ ᠤᠤ? 
 ᠠᠪᠤ ᠠ᠋᠂ ᠲᠠ ᠦᠨᠡᠷᠡᠨ᠁》 
 《 ᠮᠢᠨᠦ ᠰᠡᠳᠬᠢᠯ  ᠡᠨᠡ ᠶᠦᠮ  
 ᠮᠠᠯᠴᠢᠨ ᠬᠥᠮᠦᠨ ᠦ᠌ ᠬᠠᠢᠷ᠎ᠠ》  
 ᠰᠢᠢ᠍ᠳᠮᠡᠭ ᠬᠡᠯᠡᠭᠰᠡᠨ ᠵᠠᠮᠰᠤ 
 ᠰᠢᠷᠪᠢᠵᠦ ᠰᠠᠬᠠᠯ ᠢ᠋ᠶ᠋ᠠᠨ ᠢᠯᠪᠢᠨ᠎ᠡ᠃  
 ᠡᠨᠡᠬᠡᠨ ᠶᠠᠷᠢᠯᠴᠠᠭᠠᠨ ᠳᠤᠮᠳᠠ 
 ᠡᠭᠡᠯ ᠪᠢ ᠪᠠᠢᠭᠰᠠᠨ ᠲᠠᠢ 
 ᠤᠨᠠᠭᠠᠨ ᠬᠠᠯᠲᠠᠷ ᠭᠡᠳᠡᠭ ᠦ᠋ᠨ  
 ᠤᠴᠢᠷ ᠢ᠋ ᠣᠯᠵᠤ ᠶᠠᠳᠠᠨ 
 ᠨᠠᠰᠤ ᠭᠦᠢᠴᠡᠭᠰᠡᠨ ᠮᠣᠷᠢ ᠶ᠋ᠢ  
 ᠨᠡᠷᠡᠯᠡᠵᠦ ᠢᠩᠭᠢᠵᠦ ᠬᠡᠯᠡᠬᠦ ᠨᠢ  
 ᠣᠨᠢᠰᠣᠭ᠎ᠠ ᠮᠡᠲᠦ ᠰᠠᠨᠠᠭᠳᠠᠭᠠᠳ 
 ᠣᠢᠯᠠᠭᠠᠯᠲᠠ ᠮᠥᠴᠢᠳ ᠪᠣᠳᠣᠭᠳᠠᠬᠤ ᠲᠤᠯᠠ 
 ᠬᠥᠷᠥᠰᠥᠵᠢᠭᠰᠡᠨ ᠴᠢᠷᠠᠢᠲᠤ ᠡᠪᠦᠭᠡᠨ ᠦ᠌ 
 ᠬᠦᠳᠡᠷ ᠭᠠᠷ ᠢ᠋ ᠠᠳᠬᠤᠭᠰᠠᠨ  
 ᠵᠠᠮᠢᠶᠠᠨ ᠳᠠᠷᠤᠭ᠎ᠠ ᠶ᠋ᠢ ᠶᠣᠪᠤᠷᠤᠰᠬᠢᠭᠡᠳ  
 ᠵᠠᠪᠠᠯ ᠲᠠᠢᠯᠤᠯ ᠬᠦᠰᠡᠪᠡᠯ
 《 ᠮᠠᠯᠴᠢᠨ ᠠᠷᠠᠳ ᠤ᠋ᠨ ᠰᠡᠳᠬᠢᠯ 
 ᠡᠭᠦᠨ ᠦ᠌ ᠳᠣᠲᠣᠷ᠎ᠠ ᠰᠢᠩᠭᠡᠨ᠎ᠡ  
 ᠮᠠᠯ ᠢ᠋ᠶ᠋ᠠᠨ ᠠᠷᠠᠴᠢᠯᠠᠬᠤ ᠶ᠋ᠢᠨ ᠲᠤᠰᠠ  
 ᠲᠡᠭᠦᠨ ᠦ᠌ ᠳᠤᠮᠳᠠ ᠨᠡᠪᠲᠡᠷᠡᠨ᠎ᠡ》 ᠭᠡᠵᠦ  
 ᠤᠤᠯ ᠶᠠᠪᠤᠳᠠᠯ ᠤ᠋ᠨ ᠶᠠᠪᠤᠴᠠ ᠶ᠋ᠢ  
 ᠤᠴᠢᠷᠲᠠᠢ ᠰᠠᠢᠬᠠᠨ ᠬᠡᠯᠡᠭᠰᠡᠨ ᠶᠦᠮ᠃ 
 ᠤᠬᠤᠴᠢᠯᠠᠵᠤ ᠪᠠᠢᠭᠰᠠᠨ ᠪᠢ ᠴᠦ᠍  
 ᠤᠶᠠᠩᠭ᠎ᠠ ᠪᠣᠯᠭᠠᠨ ᠬᠡᠯᠬᠢᠭᠰᠡᠨ ᠶᠦᠮ᠃  

     ᠦᠰᠦᠭ ᠠᠮᠢᠯᠠᠭᠤᠯᠤᠭᠴᠢ᠄ ᠪᠠᠶᠠᠷᠴᠡᠴᠡᠭ    
          20240519