ᠬᠥᠬᠡ ᠳᠠᠯᠢᠩᠪᠤᠨ ᠲᠡᠷᠯᠢᠭ-ᠳ ᠫᠦᠷᠪᠦᠳᠣᠷᠵᠢХөх даалимбан тэрлэг-Д.Пүрэвдорж
ᠬᠥᠬᠡ ᠳᠠᠯᠢᠩᠪᠤᠨ ᠲᠡᠷᠯᠢᠭ
ᠤᠶᠠᠩᠭ᠎ᠠ ᠶ᠋ᠢᠨ ᠣᠷᠣᠰᠢᠯ
ᠴᠡᠷᠢᠭ ᠡᠷᠡᠰ ᠦ᠋ᠨ ᠤᠯᠠᠭᠠᠨ ᠲᠣᠭᠣᠰᠣ
ᠴᠡᠴᠡᠭ ᠦ᠋ᠨ ᠳᠤᠮᠳᠠᠭᠤᠷ ᠲᠠᠲᠠᠭᠠᠳ ᠶᠠᠪᠤᠭᠰᠠᠨ ᠶᠤᠮ
ᠴᠡᠭᠡᠵᠢᠨ ᠳᠣᠲᠣᠷ᠎ᠠ ᠬᠠᠭᠠᠴᠠᠯ ᠣᠷᠬᠢᠭᠠᠳ
ᠴᠡᠩᠬᠡᠷ ᠠᠭᠤᠯᠠᠰ ᠢ᠋ ᠳᠠᠪᠠᠭᠠᠳ ᠶᠠᠪᠤᠭᠰᠠᠨ ᠶᠤᠮ
ᠣᠯᠠᠨ ᠡᠷᠡᠴᠦᠦᠯ ᠳᠠᠭᠤᠤ ᠪᠠᠨ ᠳᠠᠭᠤᠯᠠᠭᠠᠳ
ᠣᠩᠭᠣᠨ ᠲᠠᠯ᠎ᠠ ᠪᠠᠷ ᠳᠠᠪᠬᠢᠭᠠᠳ ᠶᠠᠪᠤᠭᠰᠠᠨ ᠶᠤᠮ
ᠣᠷᠣᠨ ᠭᠡᠷ ᠲᠡᠭᠡᠨ ᠵᠠᠢ ᠪᠠᠨ ᠣᠷᠬᠢᠭᠠᠳ
ᠣᠳᠣ ᠲᠠᠢ ᠠᠳᠠᠯᠢᠬᠠᠨ ᠬᠠᠷᠪᠤᠭᠠᠳ ᠶᠠᠪᠤᠭᠰᠠᠨ ᠶᠤᠮ
ᠰᠠᠷᠨᠢᠬᠤ ᠲᠣᠭᠣᠰᠣᠨ ᠤ᠋ ᠨᠢᠭᠡᠨ ᠦᠵᠦᠭᠦᠷ ᠲᠦ᠍
ᠰᠠᠷᠠᠭᠤᠯ ᠨᠢᠳᠦ ᠪᠡᠨ ᠪᠢ ᠴᠢᠯᠡᠭᠡᠵᠦ
ᠰᠠᠨᠠᠭ᠎ᠠ ᠠᠯᠲᠠᠨ ᠰᠦ ᠪᠡᠨ ᠡᠷᠭᠦᠨ
ᠰᠠᠷ᠎ᠠ ᠰᠢᠭ᠋ ᠮᠡᠯᠲᠡᠷᠡᠨ ᠭᠠᠳᠠᠨ᠎ᠠ ᠪᠠᠨ ᠦᠯᠡᠳᠡᠭᠰᠡᠨ ᠶᠤᠮ
ᠬᠥᠳᠡᠭᠡ ᠨᠤᠲᠤᠭ ᠤ᠋ᠨ ᠬᠥᠬᠡ ᠠᠯᠤᠰ ᠲᠤ᠌
ᠬᠥᠯ ᠬᠦᠨᠳᠦ ᠰᠢᠨᠡᠬᠡᠨ ᠪᠡᠷᠢ
ᠠᠷᠠᠳ ᠤ᠋ᠨ ᠬᠤᠪᠢᠰᠬᠠᠯᠲᠤ ᠤᠯᠠᠭᠠᠨ ᠴᠡᠷᠢᠭ ᠦ᠋ᠨ
ᠠᠷᠤ ᠭᠡᠷ ᠪᠣᠯᠵᠤ ᠦᠯᠡᠳᠡᠭᠰᠡᠨ ᠶᠤᠮ
ᠭᠣᠪᠢ ᠶ᠋ᠢᠨ ᠭᠠᠭᠴᠠ ᠬᠠᠢᠯᠠᠰᠤ ᠠᠳᠠᠯᠢ
ᠭᠣᠣᠯᠲᠤ ᠵᠢᠷᠦᠬᠡᠨ ᠳ᠋ᠡᠭᠡᠨ ᠬᠠᠢᠷ᠎ᠠ ᠪᠠᠨ ᠬᠠᠳᠠᠭᠠᠯᠠᠵᠤ
ᠲᠩᠷᠢ ᠶ᠋ᠢᠨ ᠬᠠᠶᠠᠭᠠᠨ ᠳ᠋ᠤ᠌ ᠴᠠᠭ ᠰᠢᠭ᠋ ᠳᠤᠷᠠᠢᠨ
ᠲᠡᠷᠡ ᠵᠢᠯ ᠪᠢ ᠨᠥᠬᠥᠷ ᠢ᠋ᠶ᠋ᠡᠨ ᠦᠳᠡᠭᠰᠡᠨ ᠶᠤᠮ
ᠬᠥᠮᠦᠨ ᠦ᠌ ᠬᠦᠦ ᠳ᠋ᠦ᠍ ᠬᠠᠢᠷᠠᠲᠠᠢ ᠶ᠋ᠢᠨ ᠡᠷᠬᠡ ᠪᠡᠷ
ᠬᠦᠯᠦᠭ ᠦ᠋ᠨ ᠲᠣᠭᠣᠰᠣ ᠵᠢᠷᠦᠬᠡᠨ ᠳ᠋ᠡᠭᠡᠨ ᠤᠨᠠᠭᠠᠵᠤ
ᠬᠦᠯᠢᠶᠡᠬᠦ ᠬᠣᠨᠣᠭ ᠤ᠋ᠨ ᠡᠬᠢᠨ ᠰᠥᠨᠢ ᠶ᠋ᠢᠨ
ᠬᠦᠢᠲᠡᠨ ᠳᠡᠷᠡ ᠳ᠋ᠦ᠍ ᠬᠠᠴᠠᠷ ᠢ᠋ᠶ᠋ᠠᠨ ᠬᠠᠭᠠᠷᠢᠭᠰᠠᠨ ᠶᠤᠮ
ᠡᠷᠦᠬᠡᠨ ᠦ᠌ ᠬᠣᠰᠢᠭᠤ ᠲᠡᠷᠡ ᠰᠥᠨᠢ
ᠥᠷᠥᠭᠡᠰᠦᠨ ᠳᠠᠯᠢ ᠰᠢᠭ᠋ ᠲᠣᠭᠣᠨᠣᠨ ᠳ᠋ᠤ᠌ ᠬᠡᠲᠦᠷᠴᠦ
ᠬᠣᠢᠮᠣᠷ ᠪᠠᠭᠤᠭᠰᠠᠨ ᠰᠠᠷᠠᠨ ᠤ᠋ ᠲᠤᠶᠠᠭ᠎ᠠ
ᠬᠣᠶᠠᠷ ᠬᠤᠪᠢᠶᠠᠭᠰᠠᠨ ᠲᠣᠯᠢ ᠰᠢᠭ᠋ ᠪᠠᠢᠭᠰᠠᠨ ᠶᠤᠮ
ᠬᠠᠯᠬ᠎ᠠ ᠭᠣᠣᠯ ᠤ᠋ᠨ ᠲᠡᠢᠨ ᠦ᠌ ᠲᠦᠭᠰᠢᠭᠦᠷᠢ
ᠬᠠᠮᠤᠭ ᠰᠡᠳᠬᠢᠯ ᠳ᠋ᠦ᠍ ᠳᠠᠷᠤᠯᠲᠠ ᠪᠣᠯᠵᠤ
ᠠᠯᠲᠠᠨ ᠨᠠᠷᠠ ᠶ᠋ᠢ ᠲᠡᠷᠡᠬᠡᠨ ᠵᠠᠭᠤᠷ᠎ᠠ
ᠠᠯᠠᠭ᠎ᠠ ᠪᠠᠷ ᠬᠠᠭᠠᠵᠤ ᠪᠣᠯᠬᠤ ᠪᠠᠷ ᠪᠠᠢᠭᠰᠠᠨ ᠶᠤᠮ
ᠠᠮᠢᠳᠤᠷᠠᠯ ᠤ᠋ᠨ ᠪᠣᠱᠣᠭ᠎ᠠ ᠳᠥᠩᠭᠡᠵᠢ ᠠᠯᠬᠤᠭᠰᠠᠨ
ᠠᠷᠪᠠᠨ ᠨᠠᠢ᠍ᠮᠠᠨ ᠨᠠᠰᠤᠨ ᠳ᠋ᠤ᠌ ᠢᠩᠭᠢᠵᠦ
ᠬᠠᠮᠢᠭ᠎ᠠ ᠬᠣᠯᠠ ᠡᠴᠡ ᠳᠠᠷᠢ ᠶ᠋ᠢᠨ ᠬᠠᠶᠠᠭ
ᠬᠠᠯᠠᠭᠤᠨ ᠵᠢᠷᠦᠬᠡᠨ ᠳ᠋ᠦ᠍ ᠬᠠᠭ ᠬᠠᠶᠠᠭᠰᠠᠨ ᠶᠤᠮ
ᠡᠷ᠎ᠡ ᠨᠥᠬᠥᠷ ᠢ᠋ᠶ᠋ᠡᠨ ᠲᠡᠢᠨ ᠳ᠋ᠦ᠍ ᠦᠳᠡᠭᠰᠡᠨ
ᠡᠬᠡᠨᠡᠷ ᠪᠠᠢᠬᠤ ᠶ᠋ᠢᠨ ᠤᠴᠢᠷ ᠢ᠋ ᠬᠡᠯᠡᠬᠦ ᠤᠤ
ᠡᠩᠭᠡᠷ ᠬᠤᠮᠢᠭᠰᠠᠨ ᠵᠠᠯᠠᠭᠤ ᠴᠠᠭ ᠤ᠋ᠨ
ᠡᠬᠢᠨ ᠦ᠌ ᠰᠥᠨᠢ ᠶ᠋ᠢᠨ ᠤᠷᠲᠤ ᠶ᠋ᠢ ᠬᠡᠯᠡᠬᠦ ᠤᠤ
ᠣᠷᠣᠭ᠎ᠠ ᠮᠣᠷᠢ ᠰᠢᠭ᠋ ᠬᠤᠯᠵᠢᠭᠰᠠᠨ ᠨᠣᠢᠷᠤᠨ ᠳ᠋ᠤ᠌
ᠣᠷᠴᠢᠯᠠᠩ ᠬᠣᠯᠠ ᠶ᠋ᠢ ᠬᠤᠭᠤᠴᠠᠨ ᠪᠣᠳᠣᠭᠰᠠᠭᠠᠷ
ᠥᠳᠥᠯᠡᠵᠦ ᠭᠦᠢᠴᠡᠭᠡ ᠦᠭᠡᠢ ᠴᠤᠷᠮ᠎ᠠ ᠤᠬᠠᠭᠠᠨ ᠤ᠋
ᠥᠴᠦᠬᠡᠨ ᠵᠢᠭᠦᠷ ᠴᠤᠴᠠᠵᠤ ᠪᠢᠯᠡ
ᠴᠡᠷᠢᠭ ᠡᠷᠡᠰ ᠦ᠋ᠨ ᠤᠯᠠᠭᠠᠨ ᠲᠣᠭᠣᠰᠣ
ᠴᠡᠴᠡᠭ ᠦ᠋ᠨ ᠳᠤᠮᠳᠠᠭᠤᠷ ᠲᠠᠲᠠᠭᠠᠳ ᠶᠠᠪᠤᠭᠰᠠᠨ ᠶᠤᠮ
ᠴᠡᠭᠡᠵᠢᠨ ᠳᠣᠲᠣᠷ᠎ᠠ ᠬᠠᠭᠠᠴᠠᠯ ᠣᠷᠬᠢᠭᠠᠳ
ᠴᠡᠩᠬᠡᠷ ᠠᠭᠤᠯᠠᠰ ᠢ᠋ ᠳᠠᠪᠠᠭᠠᠳ ᠶᠠᠪᠤᠭᠰᠠᠨ ᠶᠤᠮ
ᠣᠯᠠᠨ ᠡᠷᠡᠴᠦᠦᠯ ᠳᠠᠭᠤᠤ ᠪᠠᠨ ᠳᠠᠭᠤᠯᠠᠭᠠᠳ
ᠣᠩᠭᠣᠨ ᠲᠠᠯ᠎ᠠ ᠪᠠᠷ ᠳᠠᠪᠬᠢᠭᠠᠳ ᠶᠠᠪᠤᠭᠰᠠᠨ ᠶᠤᠮ
ᠣᠷᠣᠨ ᠭᠡᠷ ᠲᠡᠭᠡᠨ ᠵᠠᠢ ᠪᠠᠨ ᠣᠷᠬᠢᠭᠠᠳ
ᠣᠳᠣ ᠲᠠᠢ ᠠᠳᠠᠯᠢᠬᠠᠨ ᠬᠠᠷᠪᠤᠭᠠᠳ ᠶᠠᠪᠤᠭᠰᠠᠨ ᠶᠤᠮ
ᠤᠶᠠᠩᠭ᠎ᠠ ᠶ᠋ᠢᠨ ᠥᠷᠨᠢᠯ
ᠴᠡᠪᠡᠷᠬᠡᠨ ᠬᠡᠦᠬᠡᠨ ᠨᠦ᠍ᠭᠦᠳ ᠦᠷ᠎ᠡ ᠪᠡᠨ ᠳᠡᠪᠡᠷᠡᠭᠡᠳ
ᠴᠡᠴᠡᠭ ᠦ᠋ᠨ ᠳᠤᠮᠳᠠᠭᠤᠷ ᠨᠥᠬᠥᠷ ᠢ᠋ᠶ᠋ᠡᠨ ᠦᠳᠡᠭᠰᠡᠨ ᠶᠤᠮ
ᠴᠡᠷᠢᠭ ᠦ᠋ᠨ ᠬᠦᠦ ᠳ᠋ᠦ᠍ ᠬᠠᠢᠷ᠎ᠠ ᠪᠠᠨ ᠥᠭᠭᠦᠭᠡᠳ
ᠴᠡᠩᠬᠡᠷ ᠠᠭᠤᠯᠠᠰ ᠢ᠋ᠶ᠋ᠠᠨ ᠲᠦᠰᠢᠭᠡᠳ ᠦᠯᠡᠳᠡᠭᠰᠡᠨ ᠶᠤᠮ
ᠣᠯᠠᠨ ᠡᠬᠡᠨᠡᠷ ᠵᠢᠷᠦᠬᠡ ᠪᠡᠨ ᠳᠠᠷᠤᠭᠠᠳ
ᠣᠩᠭᠣᠨ ᠲᠠᠯ᠎ᠠ ᠪᠠᠷ ᠬᠠᠨᠢ ᠪᠠᠨ ᠦᠳᠡᠭᠰᠡᠨ ᠶᠤᠮ
ᠣᠷᠣᠨ ᠭᠡᠷ ᠢ᠋ᠶ᠋ᠡᠨ ᠥᠭᠡᠳᠡ ᠨᠢ ᠲᠠᠲᠠᠭᠠᠳ
ᠣᠳᠣᠲᠤ ᠲᠡᠭᠷᠢ ᠪᠡᠨ ᠡᠷᠭᠦᠭᠡᠳ ᠦᠯᠡᠳᠡᠭᠰᠡᠨ ᠶᠤᠮ
ᠥᠷᠯᠥᠭᠡ ᠨᠢ ᠬᠠᠷᠢᠨ ᠦᠷ ᠴᠥᠷ ᠢ᠋ᠶ᠋ᠡᠷ
ᠡᠷᠦᠬᠡ ᠪᠡᠨ ᠪᠢ ᠴᠠᠯᠠᠢᠲᠠᠯ᠎ᠠ ᠲᠠᠲᠠᠭᠠᠳ
ᠥᠭᠡᠳᠡᠯᠡᠵᠦ ᠶᠠᠪᠤᠭ᠎ᠠ ᠠᠢᠯ ᠪᠠᠢᠭ ᠭᠡᠵᠦ
ᠥᠷᠳᠡᠨ ᠥᠷᠳᠡᠨ ᠭᠠᠯ ᠢ᠋ᠶ᠋ᠠᠨ ᠳᠥᠯᠥᠯᠡ
ᠬᠠᠳᠠᠮ ᠠᠪᠤ ᠬᠢᠷᠠᠭᠠᠨ ᠢ᠋ᠶ᠋ᠠᠷ ᠢᠷᠡᠭᠡᠳ
ᠬᠠᠷ᠎ᠠ ᠴᠢᠭᠢᠭ ᠲᠦ᠍ ᠡᠮᠡᠭᠡᠯ ᠲᠡᠢ ᠨᠢ ᠤᠶᠠᠭᠰᠠᠨ
ᠤᠨᠠᠭ᠎ᠠ ᠬᠥᠲᠥᠯᠦᠭᠡ ᠬᠣᠶᠠᠷ ᠮᠣᠷᠢ
ᠤᠶᠠᠭᠠᠨ ᠳᠡᠭᠡᠷ᠎ᠡ ᠴᠢᠬᠡᠷᠡᠨ ᠪᠠᠢᠯ᠎ᠠ
ᠮᠢᠨᠦ ᠨᠥᠬᠥᠷ ᠦ᠋ᠨ ᠨᠠᠭᠠᠳᠤᠮ ᠳ᠋ᠤ᠌ ᠤᠨᠤᠳᠠᠭ
ᠮᠡᠴᠢᠳ ᠰᠠᠷ᠎ᠠ ᠲᠠᠢ ᠬᠣᠩᠭᠣᠷ ᠮᠣᠷᠢ
ᠨᠠᠮᠠᠶ᠋ᠢ ᠬᠠᠷᠠᠭᠠᠳ ᠦᠦᠷᠰᠡᠮᠡ ᠪᠣᠯᠤᠭᠰᠠᠨ ᠢ᠋ᠶ᠋ᠠᠨ
ᠨᠠᠢ᠍ᠮᠠᠨ ᠭᠠᠨᠵᠤᠭ᠎ᠠ ᠴᠠᠴᠤᠯᠠᠨ ᠰᠢᠯᠭᠡᠪᠡ
ᠡᠨᠡ ᠪᠢᠳᠡ ᠬᠣᠶᠠᠷ ᠯᠠ ᠠᠳᠠᠯᠢᠬᠠᠨ
ᠡᠵᠡᠨ ᠢ᠋ᠶ᠋ᠡᠨ ᠦᠭᠡᠢᠯᠡᠵᠡᠢ ᠭᠡᠵᠦ ᠪᠣᠳᠣᠭᠠᠳ
ᠡᠮᠡᠭᠡᠯ ᠢ᠋ ᠨᠢ ᠠᠪᠴᠤ ᠨᠢᠷᠤᠭᠤ ᠶ᠋ᠢ ᠨᠢ ᠠᠮᠠᠷᠠᠭᠠᠨ
ᠡᠷᠳᠡᠨᠢ ᠶ᠋ᠢᠨ ᠰᠠᠢᠬᠠᠨ ᠲᠣᠯᠣᠭᠠᠢ ᠶ᠋ᠢ ᠨᠢ ᠢᠯᠠᠪᠠ
ᠰᠠᠢᠨ ᠮᠣᠷᠢ ᠡᠵᠡᠨ ᠢ᠋ᠶ᠋ᠡᠨ ᠭᠡᠳᠡᠭ ᠶᠤᠮ
ᠰᠠᠨᠠᠭ᠎ᠠ ᠳᠠᠭᠠᠭᠠᠳ ᠴᠤ᠌ ᠲᠡᠷᠡ ᠪᠢᠯᠢᠤ
ᠰᠠᠵᠢᠬᠤ ᠶ᠋ᠢᠨ ᠲᠡᠳᠦᠢ ᠨᠡᠬᠡᠨ ᠬᠠᠷᠠᠪᠠᠯ
ᠰᠠᠢᠬᠠᠨ ᠨᠢᠳᠦ ᠨᠢ ᠨᠢᠯᠪᠤᠰᠤ ᠲᠠᠢ ᠪᠠᠢᠯ᠎ᠠ
ᠲᠡᠰᠬᠡᠯ ᠠᠯᠳᠠᠭᠰᠠᠨ ᠰᠡᠳᠬᠢᠯ ᠭᠡᠳᠡᠭ
ᠲᠡᠭᠡᠲᠡᠯ᠎ᠡ ᠪᠡᠨ ᠠᠮᠠᠷᠬᠠᠨ ᠠᠭᠤᠯᠵᠠᠬᠤ ᠶᠤᠮ ᠰᠢᠭ᠋
ᠲᠩᠷᠢ ᠥᠩᠭᠡ ᠲᠡᠢ ᠴᠡᠩᠬᠡᠷ ᠳᠠᠯᠢᠩᠪᠤᠤ ᠪᠠᠷ
ᠲᠡᠷᠡ ᠡᠳᠦᠷ ᠲᠡᠭᠡᠨ ᠲᠡᠷᠯᠢᠭ ᠡᠰᠬᠡᠯᠡ
ᠡᠷᠡᠳᠡᠭᠦᠦ ᠥᠷᠭᠡᠨ ᠴᠡᠭᠡᠵᠢ ᠶ᠋ᠢ ᠨᠢ ᠪᠣᠳᠣᠵᠤ
ᠡᠩᠭᠡᠷ ᠶᠠᠭᠤ ᠶ᠋ᠢ ᠨᠢ ᠴᠡᠭᠡᠯᠬᠡᠨ ᠲᠠᠯᠪᠢᠯ᠎ᠠ
ᠡᠷᠭᠢᠴᠡᠭᠡ ᠮᠣᠷᠢᠨ ᠤ᠋ ᠡᠷᠭᠢᠭᠡ ᠪᠣᠳᠣᠵᠤ
ᠡᠯᠪᠡᠭ ᠰᠠᠢᠬᠠᠨ ᠲᠠᠰᠢᠶ᠎ᠠ ᠲᠠᠯᠪᠢᠯ᠎ᠠ
ᠤᠷᠭ᠎ᠠ ᠶ᠋ᠢᠨ ᠤᠷᠲᠤ ᠶ᠋ᠢ ᠪᠠᠷᠢᠨ᠎ᠠ ᠭᠡᠮᠡᠨ
ᠠᠭᠤᠵᠢᠮ ᠰᠠᠢᠬᠠᠨ ᠰᠤᠭᠤ ᠲᠠᠯᠪᠢᠯ᠎ᠠ
ᠠᠭᠤᠯᠠ ᠶ᠋ᠢᠨ ᠵᠢᠪᠠᠷ ᠤᠨᠠᠨ᠎ᠠ ᠭᠡᠮᠡᠨ
ᠤᠨᠠᠭᠠᠨ ᠲᠤᠭᠤᠷᠠᠢ ᠨᠢᠳᠤᠷᠭ᠎ᠠ ᠲᠠᠯᠪᠢᠯ᠎ᠠ
ᠤᠯᠠᠭᠠᠨ ᠪᠤᠲᠠᠷᠠᠭᠰᠠᠨ ᠴᠢᠷᠠᠢ ᠶ᠋ᠢ ᠨᠢ ᠪᠣᠳᠣᠵᠤ
ᠬᠤᠸᠠ ᠲᠣᠷᠭ᠎ᠠ ᠪᠠᠷ ᠡᠮᠵᠢᠭᠡ ᠪᠢᠯᠡ .. ..
ᠤᠳᠠᠭᠠᠨ ᠡᠮᠦᠰᠬᠦ ᠡᠳ᠋ᠯᠡᠭᠡ ᠶ᠋ᠢ ᠪᠣᠳᠣᠵᠤ
ᠤᠷ᠎ᠠ ᠪᠠᠨ ᠭᠠᠷᠭᠠᠨ ᠱᠠᠭᠯᠠᠭᠠ ᠪᠢᠯᠡ
ᠤᠨᠲᠠᠬᠤ ᠨᠣᠢᠷ ᠢ᠋ᠶ᠋ᠠᠨ ᠬᠠᠭᠠᠰᠯᠠᠨ ᠪᠠᠢᠵᠤ
ᠤᠴᠢᠭ ᠰᠢᠩᠭᠡᠭᠰᠡᠨ ᠰᠠᠭᠤᠭ᠎ᠠ ᠪᠢᠯᠡ
ᠤᠨᠠᠭᠠᠨ ᠥᠨᠳᠡᠭᠡ ᠪᠡᠨ ᠬᠠᠯᠠᠭᠠᠨ ᠪᠠᠢᠵᠤ
ᠤᠶᠠᠷᠠᠨ ᠪᠡᠶᠡᠰᠦᠨ ᠰᠠᠭᠤᠭ᠎ᠠ ᠪᠢᠯᠡ
ᠲᠣᠷᠭᠠᠨ ᠤ᠋ ᠦᠢᠯᠡ ᠪᠢᠰᠢ ᠴᠦ᠍ ᠭᠡᠯᠡ
ᠲᠣᠭᠣᠰᠣ ᠲᠠᠢ ᠭᠠᠵᠠᠷ ᠲᠠᠯᠪᠢᠭ᠎ᠠ ᠦᠭᠡᠢ ᠪᠢᠯᠡ
ᠲᠣᠢ ᠬᠤᠷᠢᠮ ᠤ᠋ᠨ ᠬᠢ ᠪᠤᠰᠤ ᠴᠤ᠌ ᠭᠡᠯᠡ
ᠲᠣᠰᠣ ᠲᠠᠢ ᠭᠠᠷ ᠢ᠋ᠶ᠋ᠠᠷ ᠪᠠᠷᠢᠭ᠎ᠠ ᠦᠭᠡᠢ ᠪᠢᠯᠡ
ᠡᠷᠭᠢᠭᠡᠳ ᠢᠷᠡᠬᠦ ᠡᠳᠦᠷ ᠢ᠋ ᠬᠦᠯᠢᠶᠡᠵᠦ
ᠡᠪᠬᠡᠨ ᠡᠪᠬᠡᠨ ᠲᠠᠯᠪᠢᠭ᠎ᠠ ᠪᠢᠯᠡ
ᠡᠷ᠎ᠡ ᠨᠥᠬᠥᠷ ᠢ᠋ᠶ᠋ᠡᠨ ᠰᠠᠨᠠᠬᠤ ᠴᠠᠭ ᠲᠤ᠌ ᠪᠠᠨ
ᠡᠷᠭᠢᠨ ᠡᠷᠭᠢᠨ ᠦᠵᠡᠭᠡ ᠪᠢᠯᠡ
-ᠴᠡᠪᠡᠷᠬᠡᠨ ᠬᠡᠦᠬᠡᠨ ᠨᠦ᠍ᠭᠦᠳ ᠦᠷ᠎ᠡ ᠪᠡᠨ ᠲᠡᠪᠡᠷᠢᠭᠡᠳ
ᠴᠡᠴᠡᠭ ᠦ᠋ᠨ ᠳᠤᠮᠳᠠᠭᠤᠷ ᠨᠥᠬᠥᠷ ᠢ᠋ᠶ᠋ᠡᠨ ᠦᠳᠡᠭᠰᠡᠨ ᠶᠤᠮ
ᠴᠡᠷᠢᠭ ᠦ᠋ᠨ ᠬᠦᠦ ᠳ᠋ᠦ᠍ ᠬᠠᠢᠷ᠎ᠠ ᠪᠠᠨ ᠥᠭᠭᠦᠭᠡᠳ
ᠴᠡᠩᠬᠡᠷ ᠠᠭᠤᠯᠠᠰ ᠢ᠋ᠶ᠋ᠠᠨ ᠲᠦᠰᠢᠭᠡᠳ ᠦᠯᠡᠳᠡᠭᠰᠡᠨ ᠶᠤᠮ
ᠣᠯᠠᠨ ᠡᠬᠡᠨᠡᠷ ᠵᠢᠷᠦᠬᠡ ᠪᠡᠨ ᠳᠠᠷᠤᠭᠠᠳ
ᠣᠩᠭᠣᠨ ᠲᠠᠯ᠎ᠠ ᠪᠠᠷ ᠬᠠᠨᠢ ᠪᠠᠨ ᠦᠳᠡᠭᠰᠡᠨ ᠶᠤᠮ
ᠣᠷᠣᠨ ᠭᠡᠷ ᠢ᠋ᠶ᠋ᠡᠨ ᠥᠭᠡᠳᠡ ᠨᠢ ᠲᠠᠲᠠᠭᠠᠳ
ᠣᠳᠣᠲᠤ ᠲᠡᠭᠷᠢ ᠪᠡᠨ ᠡᠷᠭᠦᠭᠡᠳ ᠦᠯᠡᠳᠡᠭᠰᠡᠨ ᠶᠤᠮ
ᠤᠶᠠᠩᠭ᠎ᠠ ᠶ᠋ᠢᠨ ᠪᠤᠴᠠᠯᠲᠠ
ᠭᠠᠯ ᠤ᠋ᠨ ᠱᠤᠭᠤᠮᠠᠨ ᠳ᠋ᠤ᠌ ᠴᠡᠷᠢᠭ ᠦ᠋ᠨ ᠵᠢᠷᠦᠬᠡ
ᠭᠠᠭᠴᠠᠭᠠᠷ ᠢ᠋ᠶ᠋ᠠᠨ ᠪᠠᠢᠬᠤ ᠶᠣᠰᠣᠨ ᠪᠠᠢᠬᠤ ᠦᠭᠡᠢ
ᠲᠡᠢᠨ ᠦ᠌ ᠲᠠᠯᠠᠪᠤᠷ ᠲᠤ᠌ ᠭᠡᠷᠭᠡᠢ ᠶ᠋ᠢᠨ ᠵᠢᠷᠦᠬᠡ
ᠳᠠᠢᠴᠢᠨ ᠨᠥᠬᠥᠷ ᠦ᠋ᠨ ᠢ᠋ᠶ᠋ᠡᠨ ᠴᠡᠭᠡᠵᠢᠨ ᠳ᠋ᠦ᠍ ᠶᠠᠪᠤᠳᠠᠭ ᠶᠤᠮ
ᠡᠷ᠎ᠡ ᠴᠡᠷᠢᠭ ᠦ᠋ᠨ ᠡᠬᠡᠨᠡᠷ ᠭᠡᠳᠡᠭ
ᠡᠮᠡᠭᠲᠡᠢ ᠶ᠋ᠢᠨ ᠲᠡᠳᠦᠢ ᠨᠡᠷ᠎ᠡ ᠶ᠋ᠢ ᠬᠡᠯᠡᠳᠡᠭ ᠦᠭᠡᠢ
ᠬᠣᠣᠷᠲᠠᠨ ᠳᠠᠢᠰᠤᠨ ᠤ᠋ ᠰᠤᠮᠤ ᠤᠨᠤᠳᠠᠭ ᠦᠭᠡᠢ
ᠬᠣᠶᠠᠷ ᠠᠮᠢᠨ ᠤ᠋ ᠨᠢᠭᠡ ᠶ᠋ᠢ ᠬᠡᠯᠡᠳᠡᠭ ᠶᠤᠮ
ᠡᠭᠡᠯ ᠴᠡᠷᠢᠭ ᠦ᠋ᠨ ᠠᠷᠤ ᠭᠡᠷ ᠦ᠋ᠨ
ᠡᠬᠡ ᠣᠷᠣᠨ ᠬᠠᠷᠠᠵᠤ ᠪᠠᠢᠳᠠᠭ ᠶᠤᠮ
ᠬᠡᠷᠪᠡ ᠵᠥᠷᠢᠴᠡᠪᠡᠯ ᠤᠷᠪᠠᠭᠰᠠᠨ ᠳ᠋ᠤ᠌ ᠲᠣᠭᠠᠴᠠᠬᠤ
ᠬᠡᠪᠯᠡᠭᠡ ᠦᠭᠡᠢ ᠬᠠᠤᠯᠢ ᠪᠠᠰᠠ ᠪᠠᠢᠳᠠᠭ ᠶᠤᠮ
ᠡᠭᠦᠨ ᠢ᠋ ᠪᠢ ᠬᠦᠨᠳᠦᠯᠡᠨ ᠰᠠᠬᠢᠵᠤ
ᠦᠦᠷ ᠰᠥᠨᠢ ᠪᠡᠷ ᠬᠦᠯᠢᠶᠡᠵᠦ ᠪᠠᠢᠭᠰᠠᠨ ᠶᠤᠮ
ᠦᠶ᠎ᠡ ᠶ᠋ᠢᠨ ᠣᠯᠠᠨ ᠬᠡᠦᠬᠡᠨ ᠨᠦ᠍ᠭᠦᠳ ᠴᠥᠮ
ᠦᠨᠡᠨᠴᠢ ᠬᠡᠪ ᠢ᠋ᠶ᠋ᠡᠷ ᠬᠦᠯᠢᠶᠡᠵᠦ ᠪᠠᠢᠭᠰᠠᠨ ᠶᠤᠮ
ᠬᠠᠪᠤᠷ ᠤ᠋ᠨ ᠨᠠᠭᠤᠷ ᠰᠢᠭ᠋ ᠠᠯᠳᠠᠷᠠᠬᠤ ᠨᠠᠰᠤ ᠪᠠᠨ
ᠬᠠᠢᠯᠭᠠᠨ ᠬᠠᠢᠯᠭᠠᠨ ᠬᠦᠯᠢᠶᠡᠵᠦ ᠪᠠᠢᠭᠰᠠᠨ ᠶᠤᠮ
ᠬᠠᠩᠭᠠᠢ ᠶ᠋ᠢᠨ ᠰᠤᠭᠤ ᠰᠢᠭ᠋ ᠠᠷᠢᠭᠤᠨ ᠪᠡᠶ᠎ᠡ ᠪᠡᠨ
ᠬᠠᠳᠠᠭᠠᠯᠠᠨ ᠬᠠᠳᠠᠭᠠᠯᠠᠨ ᠬᠦᠯᠢᠶᠡᠵᠦ ᠪᠠᠢᠭᠰᠠᠨ ᠶᠤᠮ
ᠨᠠᠮᠤᠷ ᠤ᠋ᠨ ᠬᠣᠩᠭᠣᠷ ᠰᠠᠯᠬᠢᠨ ᠳᠤᠮᠳᠠ
ᠨᠠᠢᠭᠤᠨ ᠨᠠᠢᠭᠤᠨ ᠬᠦᠯᠢᠶᠡᠵᠦ ᠪᠠᠢᠭᠰᠠᠨ ᠶᠤᠮ
ᠨᠠᠮᠢᠷᠠᠭ᠎ᠠ ᠬᠤᠷ᠎ᠠ ᠶ᠋ᠢ ᠰᠠᠨᠠᠨ ᠭᠠᠩᠰᠠᠷᠠᠬᠤ
ᠨᠠᠪᠴᠢ ᠰᠢᠭ ᠭᠠᠩᠳᠠᠨ ᠬᠦᠯᠢᠶᠡᠵᠦ ᠪᠠᠢᠭᠰᠠᠨ ᠶᠤᠮ
ᠲᠡᠭᠡᠪᠡᠴᠦ ᠪᠢᠳᠡ ᠹᠷᠣᠨᠲ ᠤ᠋ᠨ ᠠᠷᠤ ᠲᠠᠯ᠎ᠠ ᠠ᠋ᠴᠠ
ᠲᠡᠮᠡᠴᠡᠯ ᠦ᠋ᠨ ᠲᠡᠩᠬᠡᠯ ᠢ᠋ ᠲᠦᠰᠢᠵᠦ ᠥᠭᠭᠦᠭᠰᠡᠨ ᠶᠤᠮ
ᠠᠮᠢᠳᠤᠷᠠᠯ ᠤ᠋ᠨ ᠶᠡᠬᠡ ᠬᠤᠪᠢ ᠵᠠᠶᠠᠭ᠎ᠠ ᠶ᠋ᠢ
ᠠᠢᠯ ᠪᠦᠬᠦᠨ ᠳ᠋ᠦ᠍ ᠠᠪᠴᠤ ᠶᠠᠪᠤᠭᠰᠠᠨ ᠶᠤᠮ
ᠬᠠᠯᠬ᠎ᠠ ᠭᠣᠣᠯ ᠤ᠋ᠨ ᠤᠰᠤ ᠲᠡᠭᠡᠬᠦ ᠳ᠋ᠦ᠍
ᠬᠠᠮᠤᠭ ᠣᠯᠠᠨ ᠤ᠋ ᠵᠢᠷᠦᠬᠡᠨ ᠳ᠋ᠦ᠍ ᠤᠷᠤᠰᠴᠤ
ᠬᠠᠷᠢ ᠶ᠋ᠢᠨ ᠳᠠᠢᠰᠤᠨ ᠳ᠋ᠤ᠌ ᠡᠷᠭᠦᠨ ᠳᠠᠯᠠᠢᠵᠤ
ᠬᠠᠳᠠ ᠠᠭᠠᠭᠰᠠᠨ ᠢᠯᠳᠦ ᠪᠣᠯᠤᠭᠰᠠᠨ ᠶᠤᠮ
ᠵᠢᠷᠦᠬᠡᠨ ᠳ᠋ᠦ᠍ ᠤᠷᠤᠰᠤᠭᠰᠠᠨ ᠲᠡᠷᠡ ᠭᠣᠣᠯ ᠤ᠋ᠨ
ᠵᠡᠭᠦᠨ ᠪᠠᠷᠠᠭᠤᠨ ᠬᠣᠶᠠᠷ ᠡᠷᠭᠢ
ᠦᠨᠡᠨ ᠬᠤᠳᠠᠯ ᠤ᠋ᠨ ᠵᠠᠪᠰᠠᠷ ᠲᠠᠲᠠᠭᠰᠠᠨ
ᠦᠷ ᠦ᠋ᠨ ᠲᠤᠶᠠᠭ᠎ᠠ ᠰᠢᠭ᠋ ᠵᠠᠭᠠᠭ ᠪᠠᠢᠭᠰᠠᠨ ᠶᠤᠮ
ᠴᠡᠭᠡᠵᠢᠨ ᠳᠣᠲᠣᠷ᠎ᠠ ᠪᠥᠮᠪᠥᠭᠡ ᠨᠢᠵᠢᠭᠢᠨᠡᠵᠦ
ᠴᠡᠷᠢᠭ ᠡᠷᠡᠰ ᠦ᠋ᠨ ᠠᠯᠬᠤᠭ᠎ᠠ ᠨᠢᠵᠢᠭᠢᠨᠡᠵᠦ
ᠬᠥᠮᠦᠨ ᠦ᠌ ᠲᠦᠰᠢᠭᠦᠷᠢᠲᠦ ᠰᠡᠳᠬᠢᠯ ᠳᠣᠲᠣᠷ᠎ᠠ
ᠬᠦᠨᠳᠦ ᠲᠠᠩᠺ ᠤ᠋ᠨ ᠮᠥᠷ ᠭᠠᠷᠤᠭᠰᠠᠨ ᠶᠤᠮ
ᠠᠯᠢ ᠨᠢ ᠪᠣᠢ ᠭᠡᠳᠡᠭ ᠲᠦ᠍ ᠡᠷᠡᠭᠡᠯᠵᠡᠭᠡ ᠦᠭᠡᠢ ᠴᠦ᠍
ᠠᠳᠬᠠᠭ ᠰᠡᠳᠬᠢᠯ ᠨᠠᠮᠠᠶ᠋ᠢ ᠡᠭᠡᠳᠡᠷᠡᠭᠡᠵᠦ
ᠠᠮᠢ ᠡᠷᠢᠭᠰᠡᠨ ᠰᠤᠮᠤᠨ ᠳᠤᠮᠳᠠᠬᠢ
ᠠᠮᠠᠷᠠᠭ ᠨᠥᠬᠥᠷ ᠲᠡᠭᠡᠨ ᠵᠣᠪᠠᠵᠤ ᠶᠠᠪᠤᠭᠰᠠᠨ ᠶᠤᠮ
-ᠭᠠᠯ ᠤ᠋ᠨ ᠱᠤᠭᠤᠮᠠᠨ ᠳ᠋ᠤ᠌ ᠴᠡᠷᠢᠭ ᠦ᠋ᠨ ᠵᠢᠷᠦᠬᠡ
ᠭᠠᠭᠴᠠᠭᠠᠷ ᠢ᠋ᠶ᠋ᠠᠨ ᠪᠠᠢᠬᠤ ᠶᠣᠰᠣᠨ ᠪᠠᠢᠬᠤ ᠦᠭᠡᠢ
ᠲᠡᠢᠨ ᠦ᠌ ᠲᠠᠯᠠᠪᠤᠷ ᠲᠤ᠌ ᠭᠡᠷᠭᠡᠢ ᠶ᠋ᠢᠨ ᠵᠢᠷᠦᠬᠡ
ᠳᠠᠢᠴᠢᠨ ᠨᠥᠬᠥᠷ ᠦ᠋ᠨ ᠢ᠋ᠶ᠋ᠡᠨ ᠴᠡᠭᠡᠵᠢᠨ ᠳ᠋ᠦ᠍ ᠶᠠᠪᠤᠳᠠᠭ ᠶᠤᠮ
ᠡᠷ᠎ᠡ ᠴᠡᠷᠢᠭ ᠦ᠋ᠨ ᠡᠬᠡᠨᠡᠷ ᠭᠡᠳᠡᠭ
ᠡᠮᠡᠭᠲᠡᠢ ᠶ᠋ᠢᠨ ᠲᠡᠳᠦᠢ ᠨᠡᠷ᠎ᠡ ᠶ᠋ᠢ ᠬᠡᠯᠡᠳᠡᠭ ᠦᠭᠡᠢ
ᠬᠣᠣᠷᠲᠠᠨ ᠳᠠᠢᠰᠤᠨ ᠤ᠋ ᠰᠤᠮᠤ ᠤᠨᠤᠳᠠᠭ ᠦᠭᠡᠢ
ᠬᠣᠶᠠᠷ ᠠᠮᠢᠨ ᠤ᠋ ᠨᠢᠭᠡ ᠶ᠋ᠢ ᠬᠡᠯᠡᠳᠡᠭ ᠶᠤᠮ
ᠤᠶᠠᠩᠭ᠎ᠠ ᠶ᠋ᠢᠨ ᠲᠠᠢᠯᠤᠯ
ᠴᠡᠷᠢᠭ ᠡᠷᠡᠰ ᠦ᠋ᠨ ᠤᠯᠠᠭᠠᠨ ᠲᠣᠭᠣᠰᠣ
ᠴᠡᠴᠡᠭ ᠦ᠋ᠨ ᠳᠤᠮᠳᠠᠭᠤᠷ ᠲᠠᠲᠠᠭᠠᠳ ᠢᠷᠡᠯ᠎ᠡ
ᠴᠡᠭᠡᠵᠢᠨ ᠳᠣᠲᠣᠷ᠎ᠠ ᠤᠴᠠᠷᠠᠯ ᠵᠠᠷᠯᠠᠭᠠᠳ
ᠴᠡᠩᠬᠡᠷ ᠠᠭᠤᠯᠠ ᠶ᠋ᠢ ᠳᠠᠪᠠᠭᠠᠳ ᠢᠷᠡᠯ᠎ᠡ
ᠣᠯᠠᠨ ᠡᠷᠡᠴᠦᠳ ᠳᠠᠢᠰᠤᠨ ᠢ᠋ᠶ᠋ᠠᠨ ᠳᠠᠷᠤᠭᠠᠳ
ᠣᠩᠭᠣᠨ ᠲᠠᠯ᠎ᠠ ᠪᠠᠷ ᠳᠠᠪᠬᠢᠭᠠᠳ ᠢᠷᠡᠯ᠎ᠡ
ᠣᠷᠣᠨ ᠭᠡᠷ ᠲᠡᠭᠡᠨ ᠵᠠᠢ ᠪᠠᠨ ᠡᠵᠡᠯᠡᠭᠡᠳ
ᠣᠳᠣ ᠲᠠᠢ ᠠᠳᠠᠯᠢᠬᠠᠨ ᠬᠠᠷᠪᠤᠭᠠᠳ ᠢᠷᠡᠯ᠎ᠡ
ᠬᠠᠯᠠᠭᠳᠠᠵᠤ ᠢᠷᠡᠬᠦ ᠴᠡᠷᠢᠭ ᠦ᠋ᠨ ᠰᠤᠷᠠᠭ ᠢ᠋ᠶ᠋ᠠᠷ
ᠬᠠᠳᠠᠮ ᠠᠪᠤ ᠰᠤᠮᠤ ᠶ᠋ᠢᠨ ᠲᠥᠪ ᠤᠷᠤᠭᠤ
ᠤᠨᠤᠭ᠎ᠠ ᠬᠥᠲᠥᠯᠦᠭᠡ ᠬᠣᠶᠠᠷ ᠮᠣᠷᠢ ᠲᠠᠢ
ᠤᠯᠤᠰ ᠤ᠋ᠨ ᠲᠦᠷᠦᠭᠦᠨ ᠳ᠋ᠦ᠍ ᠳᠠᠪᠬᠢᠭᠠᠳ ᠶᠠᠪᠤᠴᠢᠬᠠᠯ᠎ᠠ
ᠬᠥᠭᠡᠷᠦᠨ ᠰᠡᠩᠰᠡᠷᠡᠬᠦ ᠰᠡᠳᠬᠢᠯ ᠭᠡᠳᠡᠭ
ᠬᠥᠯ ᠭᠠᠵᠠᠷ ᠬᠦᠷᠬᠦ ᠦᠭᠡᠢ ᠳᠡᠷᠪᠡᠵᠦ
ᠬᠥᠪ ᠴᠢᠭᠢᠭ ᠢ᠋ ᠨᠢ ᠡᠭᠰᠢᠭᠡᠨ ᠲᠠᠯᠪᠢᠬᠤ ᠪᠠᠷ
ᠬᠥᠬᠡ ᠳᠠᠯᠢᠩᠪᠤᠨ ᠲᠡᠷᠯᠢᠭ ᠢ᠋ᠶ᠋ᠡᠨ ᠭᠠᠷᠭᠠᠯ᠎ᠠ
ᠤᠷᠲᠤ ᠬᠣᠷᠮᠣᠢ ᠳ᠋ᠤᠨᠢ ᠤᠨᠠᠭ᠎ᠠ ᠳᠠᠭ᠎ᠠ ᠭᠡᠵᠦ
ᠤᠷᠢᠳᠠ ᠡᠴᠡ ᠳᠤᠭᠲᠤᠷᠴᠤ ᠣᠶᠣᠭᠠᠰᠤ ᠶ᠋ᠢ ᠨᠢ ᠲᠠᠯᠪᠢᠯ᠎ᠠ
ᠬᠣᠢᠲᠤ ᠬᠣᠷᠮᠣᠢ ᠳ᠋ᠤᠨᠢ ᠬᠣᠨᠢ ᠬᠤᠷᠠᠭ᠎ᠠ ᠭᠡᠵᠦ
ᠬᠣᠢᠨ᠎ᠠ ᠡᠴᠡ ᠨᠢ ᠳᠤᠭᠲᠤᠷᠴᠤ ᠬᠠᠪᠠᠭᠠᠰᠤ ᠶ᠋ᠢ ᠨᠢ ᠲᠠᠯᠪᠢᠯ᠎ᠠ
ᠳᠣᠲᠣᠭᠠᠳᠤ ᠬᠣᠷᠮᠣᠢ ᠳ᠋ᠤᠨᠢ ᠲᠣᠰᠣ ᠥᠭᠡᠬᠦ ᠭᠡᠵᠦ
ᠳᠣᠣᠷ᠎ᠠ ᠡᠴᠡ ᠨᠢ ᠳᠤᠭᠲᠤᠷᠴᠢ ᠰᠢᠳᠡᠭᠡᠰᠦ ᠶ᠋ᠢ ᠨᠢ ᠠᠪᠤᠯ᠎ᠠ
ᠡᠵᠡᠭᠦᠢ ᠪᠠᠢᠬᠤ ᠳ᠋ᠤᠨᠢ ᠬᠢᠭᠰᠡᠨ ᠶᠤᠮ ᠭᠡᠵᠦ
ᠡᠴᠦᠰ ᠦ᠋ᠨ ᠤᠴᠢᠭ ᠢ᠋ᠶ᠋ᠠᠨ ᠬᠠᠳᠬᠤᠵᠤ ᠠᠪᠤᠯ᠎ᠠ
ᠰᠠᠯᠠᠭ᠎ᠠ ᠭᠡᠵᠢᠭᠡ ᠪᠡᠨ ᠲᠠᠩᠨᠠᠨ ᠰᠦᠯᠵᠢᠵᠦ
ᠰᠠᠷ᠎ᠠ ᠰᠤᠪᠤᠳ ᠤ᠋ᠨ ᠳᠠᠷᠤᠭᠤᠯᠭ᠎ᠠ ᠪᠠᠨ ᠵᠡᠭᠦᠯ᠎ᠡ
ᠴᠠᠢ ᠶ᠋ᠢᠨ ᠳᠡᠪᠡᠯ ᠢ᠋ᠶ᠋ᠡᠨ ᠨᠥᠮᠥᠭᠡᠨ ᠡᠮᠦᠰᠴᠦ
ᠴᠢᠷᠠᠢ ᠵᠢᠰᠦ ᠪᠡᠨ ᠲᠣᠯᠢᠳᠠᠨ ᠵᠠᠰᠠᠯ᠎ᠠ
ᠦᠳᠡᠰᠢ ᠡᠷᠲᠡᠬᠡᠨ ᠬᠠᠵᠠᠭᠤᠯᠠᠭ ᠭᠡᠵᠦ
ᠦᠨᠢᠶ᠎ᠡ ᠮᠠᠯ ᠢ᠋ᠶ᠋ᠠᠨ ᠡᠷᠲᠡᠬᠡᠨ ᠰᠠᠭᠠᠭᠠᠯᠠ
ᠬᠣᠩᠭᠣᠷ ᠬᠦᠦ ᠶ᠋ᠢ ᠨᠢ ᠴᠡᠪᠡᠷᠬᠡᠨ ᠬᠤᠪᠴᠠᠰᠤᠯᠠᠵᠤ
ᠬᠣᠶᠠᠷᠬᠠᠨ ᠤᠰᠤ ᠪᠠᠷ ᠲᠣᠭᠣᠭ᠎ᠠ ᠠᠪᠤᠯ᠎ᠠ
ᠲᠡᠭᠡᠲᠡᠯ᠎ᠡ ... ᠨᠠᠷᠠ ᠰᠢᠩᠭᠡᠭᠰᠡᠨ ᠬᠣᠢᠨ᠎ᠠ
ᠲᠡᠷᠲᠡᠭᠡ ᠡᠴᠡ ᠬᠠᠳᠠᠮ ᠠᠪᠤ ᠭᠠᠭᠴᠠᠭᠠᠷ
ᠡᠮᠡᠭᠡᠯ ᠲᠡᠢ ᠮᠣᠷᠢ ᠬᠥᠲᠥᠯᠦᠭᠰᠡᠨ ᠴᠢᠭ ᠢ᠋ᠶ᠋ᠡᠷ
ᠡᠷᠭᠢᠵᠦ ᠢᠷᠡᠭᠡᠳ ᠤᠶᠠᠭᠠᠨ ᠳᠡᠭᠡᠷ᠎ᠡ ᠪᠠᠭᠤᠯ᠎ᠠ
ᠭᠡᠷ ᠤᠷᠤᠭᠤ ᠪᠠᠨ ᠨᠢᠭᠡ ᠶᠠᠪᠤᠬᠤ ᠭᠡᠰᠡᠨ ᠢ᠋ᠶ᠋ᠡᠨ
ᠭᠡᠨᠡᠳᠬᠡᠨ ᠵᠣᠭ ᠲᠣᠰᠴᠤ ᠬᠡᠰᠡᠭ ᠵᠣᠭᠰᠣᠭᠰᠠᠨ ᠢ᠋ᠶ᠋ᠠᠨ
ᠬᠣᠩᠭᠣᠷ ᠮᠣᠷᠢᠨ ᠤ᠋ ᠡᠮᠡᠭᠡᠯ ᠢ᠋ ᠠᠪᠴᠤ
ᠬᠣᠶᠠᠷ ᠪᠦᠭᠦᠷᠭᠡᠨ ᠳ᠋ᠦ᠍ ᠬᠠᠵᠠᠭᠠᠷ ᠢ᠋ ᠰᠣᠢᠯᠠ
ᠦᠶ᠎ᠡ ᠶ᠋ᠢ ᠡᠵᠡᠯᠡᠭᠰᠡᠨ ᠪᠤᠭᠤᠷᠤᠯ ᠬᠠᠢᠯᠠᠰᠤ
ᠦᠨᠳᠦᠰᠦ ᠲᠠᠰᠤᠷᠠᠨ ᠭᠤᠢᠪᠠᠵᠤ ᠪᠠᠢᠬᠤ ᠰᠢᠭ᠋
ᠰᠦᠷᠲᠡᠢ ᠡᠪᠦᠭᠡᠨ ᠡᠮᠡᠭᠡᠯ ᠲᠡᠪᠡᠷᠢᠭᠰᠡᠭᠡᠷ
ᠰᠡᠭᠦᠳᠡᠷ ᠰᠢᠭ ᠨᠠᠭᠠᠰᠢ ᠠᠢᠰᠤᠢ ᠬᠠᠷᠠᠭᠳᠠᠯ᠎ᠠ
ᠭᠡᠨᠡᠳᠬᠡᠨ ᠮᠢᠨᠦ ᠳᠣᠲᠣᠷ᠎ᠠ ᠫᠠᠯᠬᠢᠵᠤ
ᠭᠡᠷ ᠲᠡᠭᠡᠨ ᠣᠷᠣᠵᠤ ᠭᠡᠷᠡᠯ ᠪᠠᠷᠢᠯ᠎ᠠ
ᠠᠶᠤᠭᠰᠠᠨ ᠲᠠᠤᠯᠠᠢ ᠰᠢᠭ᠋ ᠳᠦᠷᠢᠯᠡᠨ ᠭᠠᠢᠬᠠᠵᠤ
ᠠᠪᠤ ᠶ᠋ᠢᠨ ᠥᠭᠡᠳᠡ ᠡᠴᠡ ᠳᠠᠭᠤ ᠦᠭᠡᠢ ᠰᠢᠷᠳᠡᠯ᠎ᠡ
ᠠᠪᠤ ᠴᠤ᠌ ᠪᠠᠰᠠ ᠲᠠᠭ ᠳᠠᠭᠤ ᠦᠭᠡᠢ
ᠠᠰᠬ᠎ᠠ ᠴᠢᠷᠠᠢ ᠨᠢ ᠲᠠᠰᠤ ᠬᠠᠷᠠᠩᠭᠤᠢᠯᠠᠵᠤ
ᠲᠥᠭᠡᠷᠢᠭᠰᠡᠨ ᠭᠠᠷ ᠨᠢ ᠡᠮᠡᠭᠡᠯ ᠢ᠋ᠶ᠋ᠡᠨ ᠠᠯᠳᠠᠬᠤᠶᠠ
ᠲᠡᠮᠦᠷ ᠳᠥᠷᠥᠭᠡ ᠨᠢ ᠶᠣᠣᠯᠠᠨ ᠬᠠᠷᠰᠢᠯᠠ
ᠬᠥᠯ ᠳᠣᠣᠷᠠᠬᠢ ᠭᠠᠵᠠᠷ ᠳᠠᠢᠪᠢᠵᠤ
ᠬᠥᠬᠡ ᠨᠣᠭᠣᠭᠠᠨ ᠤᠯᠠᠭᠠᠨ ᠢ᠋ᠶ᠋ᠠᠷ ᠡᠷᠭᠢᠵᠦ
ᠬᠥᠮᠦᠨ ᠦ᠌ ᠣᠷᠴᠢᠯᠠᠩ ᠳ᠋ᠤ᠌ ᠪᠠᠷᠢᠴᠠ ᠠᠯᠳᠠᠬᠤ ᠳ᠋ᠠᠭᠠᠨ
ᠬᠦᠦ ᠪᠠᠨ ᠯᠠ ᠪᠢ ᠲᠡᠪᠡᠷᠢᠨ ᠠᠪᠤᠯ᠎ᠠ
ᠡᠷᠯᠢᠭ ᠲᠡᠢᠨ ᠦ᠌ ᠬᠦᠢᠲᠡᠨ ᠰᠠᠪᠠᠷ
ᠡᠪᠳᠡᠷᠡᠭᠰᠡᠨ ᠰᠡᠳᠬᠢᠯ ᠲᠡᠮᠲᠡᠷᠡᠬᠦ ᠴᠠᠭ ᠲᠤ᠌
ᠶᠠᠮᠠᠷ ᠶᠡᠬᠡ ᠬᠦᠨᠳᠦ ᠦᠨ᠎ᠡ ᠪᠡᠷ
ᠢᠯᠠᠯᠲᠠ ᠢᠷᠡᠭᠰᠡᠨ ᠢ᠋ ᠪᠢᠳᠡ ᠮᠡᠳᠡᠯ᠎ᠡ
ᠬᠠᠭᠠᠴᠠᠯ ᠳ᠋ᠤ᠌ ᠦᠶᠡᠷᠯᠡᠬᠦ ᠬᠠᠯᠠᠭᠤᠨ ᠨᠢᠯᠪᠤᠰᠤ
ᠬᠠᠷᠠᠭᠤᠰᠤᠯ ᠲᠠᠢᠯᠵᠤ ᠬᠦᠷᠳᠡᠭ ᠦᠭᠡᠢ ᠪᠢᠯᠡ
ᠬᠠᠮᠤᠭ ᠤ᠋ᠨ ᠰᠡᠭᠦᠯᠴᠢ ᠶ᠋ᠢᠨ ᠫᠤᠤ ᠶ᠋ᠢᠨ ᠳᠠᠭᠤᠨ ᠢ᠋ᠶ᠋ᠠᠷ
ᠬᠠᠷ᠎ᠠ ᠲᠡᠢᠨ ᠳᠠᠭᠤᠰᠳᠠᠭ ᠦᠭᠡᠢ ᠪᠢᠯᠡ
ᠤᠶᠠᠩᠭ᠎ᠠ ᠶ᠋ᠢᠨ ᠦᠷᠭᠦᠯᠵᠢᠯᠡᠯ
ᠬᠠᠯᠬ᠎ᠠ ᠭᠣᠣᠯ ᠤ᠋ᠨ ᠲᠡᠢᠨ ᠵᠥᠪᠬᠡᠨ
ᠬᠠᠯᠬ᠎ᠠ ᠭᠣᠣᠯ ᠤ᠋ᠨ ᠲᠡᠢᠨ ᠪᠠᠢᠭᠰᠠᠨ ᠦᠭᠡᠢ
ᠬᠠᠢᠷᠠᠲᠠᠢ ᠪᠦᠬᠦᠨ ᠢ᠋ᠶ᠋ᠡᠨ ᠳᠠᠢᠰᠤᠨ ᠡᠴᠡ ᠥᠮᠥᠭᠡᠷᠡᠭᠰᠡᠨ
ᠬᠠᠮᠤᠭ ᠠᠷᠠᠳ ᠤ᠋ᠨ ᠲᠡᠢᠨ ᠪᠠᠢᠯ᠎ᠠ
ᠡᠭᠡᠯ ᠮᠢᠨᠦ ᠠᠮᠢᠳᠤᠷᠠᠯ ᠳᠤᠮᠳᠠᠭᠤᠷ
ᠡᠨᠡ ᠲᠡᠢᠨ ᠦ᠌ ᠠᠶᠤᠯ ᠭᠠᠷᠠᠠᠣ ᠳ᠋ᠠᠭᠠᠨ
ᠡᠷ᠎ᠡ ᠦᠭᠡᠢ ᠡᠮ᠎ᠡ ᠂ ᠡᠴᠢᠭᠡ ᠦᠭᠡᠢ ᠬᠦᠦ
ᠡᠵᠡᠨ ᠦᠭᠡᠢ ᠳᠡᠪᠡᠯ ᠣᠷᠬᠢᠭᠠᠳ ᠶᠠᠪᠤᠯ᠎ᠠ
ᠳᠠᠢᠴᠢᠨ ᠨᠥᠬᠥᠷ ᠮᠢᠨᠢ ᠳᠠᠬᠢᠭᠠᠳ ᠢᠷᠡᠯ ᠦᠭᠡᠢ
ᠲᠡᠢᠨ ᠢ᠋ ᠡᠭᠦᠷᠢᠳᠡ ᠠᠪᠤᠭᠠᠳ ᠶᠠᠪᠤᠬᠤ ᠳ᠋ᠠᠭᠠᠨ
ᠥᠪᠡᠷ ᠢ᠋ᠶ᠋ᠡᠨ ᠬᠡᠳᠦᠢ ᠠᠮᠢ ᠪᠠᠨ ᠠᠯᠳᠠᠭᠰᠠᠨ ᠴᠤ᠌
ᠥᠷᠥᠭᠡᠯ ᠪᠤᠰᠤᠳ ᠲᠤ᠌ ᠠᠮᠢᠳᠤᠷᠠᠯ ᠥᠭᠭᠦᠭᠰᠡᠨ ᠶᠤᠮ
ᠠᠭᠤᠯᠠᠰ ᠤᠰᠤ ᠴᠡᠴᠡᠭ ᠨᠠᠪᠴᠢᠨ ᠳ᠋ᠤ᠌
ᠤᠷᠢᠳ ᠨᠢ ᠰᠠᠢᠬᠠᠨ ᠥᠩᠭᠡ ᠪᠦᠷᠢᠳᠴᠦ
ᠤᠯᠠᠮ ᠢ᠋ᠶ᠋ᠠᠷ ᠮᠠᠨᠳᠤᠨ ᠢᠯᠠᠵᠤ ᠭᠠᠷᠤᠭᠰᠠᠨ
ᠤᠯᠤᠰ ᠣᠷᠣᠨ ᠤᠢᠳᠬᠠᠷ ᠲᠠᠢᠯᠤᠭᠰᠠᠨ ᠶᠤᠮ
ᠶᠠᠪᠤᠭᠰᠠᠨ ᠵᠠᠮ ᠢ᠋ ᠨᠢ ᠵᠠᠯᠭᠠᠵᠤ ᠠᠪᠬᠤ
ᠢᠷᠭᠤᠢ ᠠᠯᠠᠭ ᠦᠷ᠎ᠡ ᠶ᠋ᠢ ᠨᠢ ᠪᠣᠳᠣᠵᠤ
ᠢᠨᠠᠭ ᠲᠡᠭᠦᠨ ᠦ᠌ ᠪᠡᠨ ᠮᠥᠩᠭᠥᠨ ᠡᠮᠡᠭᠡᠯ ᠢ᠋
ᠢᠷᠭᠠᠢ ᠲᠠᠰᠢᠭᠤᠷ ᠲᠤᠨᠢ ᠱᠣᠩᠳᠠᠵᠤ ᠲᠠᠯᠪᠢᠯ᠎ᠠ
ᠬᠦᠯᠦᠭ ᠦ᠋ᠨ ᠬᠢᠨᠢ ᠲᠣᠭᠣᠰᠣ ᠶ᠋ᠢ ᠣᠷᠴᠢᠯᠠᠩ ᠳ᠋ᠤ᠌ ᠡᠷᠭᠦᠵᠦ
ᠬᠦᠰᠡᠯ ᠢ᠋ ᠨᠢ ᠭᠦᠢᠴᠡᠭᠡᠭᠡᠬᠦ ᠬᠦᠦ ᠶ᠋ᠢ ᠪᠣᠳᠣᠵᠤ
ᠤᠷᠤᠰᠤᠨ ᠬᠠᠲᠠᠭᠰᠠᠨ ᠬᠥᠯᠥᠰᠥ ᠶ᠋ᠢ ᠬᠤᠰᠤᠵᠤ
ᠤᠨᠠᠭᠠᠨ ᠬᠣᠩᠭᠣᠷ ᠢ᠋ ᠨᠢ ᠠᠳᠤᠭᠤᠨ ᠳ᠋ᠤ᠌ ᠲᠠᠯᠪᠢᠯ᠎ᠠ
ᠡᠩᠭᠡᠷ ᠳᠡᠪᠡᠯ ᠦ᠋ᠨ ᠡᠩ ᠳ᠋ᠦ᠍ ᠬᠦᠷᠬᠦ
ᠡᠵᠡᠨ ᠲᠩᠷᠢ ᠳ᠋ᠦ᠍ ᠬᠦᠦ ᠲᠡᠢ ᠶ᠋ᠢ ᠪᠣᠳᠣᠵᠤ
ᠬᠥᠬᠡ ᠳᠠᠯᠢᠩᠪᠤᠨ ᠲᠡᠷᠯᠢᠭ ᠢ᠋ ᠨᠢ ᠡᠪᠬᠡᠵᠦ
ᠬᠦᠦ ᠳ᠋ᠦ᠍ᠨᠢ ᠲᠠᠯᠪᠢᠵᠤ ᠠᠪᠳᠠᠷ᠎ᠠ ᠳ᠋ᠤ᠌ ᠬᠢᠯ᠎ᠡ
ᠡᠴᠢᠭᠡ ᠪᠡᠨ ᠳᠠᠭᠤᠷᠢᠶᠠᠭᠰᠠᠨ ᠬᠦᠦ ᠲᠡᠢ ᠪᠣᠯᠬᠣᠷ
ᠡᠵᠡᠭᠦᠢ ᠭᠡᠷ ᠮᠢᠨᠢ ᠳᠦᠭᠦᠷᠦᠭᠡᠳ ᠢᠷᠡᠭᠰᠡᠨ ᠶᠤᠮ
ᠡᠭᠦᠯᠡᠨ ᠰᠡᠭᠦᠳᠡᠷ ᠡᠴᠡ ᠴᠦ᠍ ᠪᠡᠶ᠎ᠡ ᠪᠡᠷ ᠢ᠋ᠶ᠋ᠡᠨ ᠬᠠᠭᠠᠵᠤ
ᠦᠷ᠎ᠡ ᠶ᠋ᠢᠨ ᠪᠦᠪᠡᠢ ᠳᠠᠭᠤᠯᠠᠳᠠᠭ ᠪᠣᠯᠤᠭᠰᠠᠨ ᠶᠤᠮ
《ᠠᠳᠤᠭᠤᠴᠢᠨ ᠠᠪᠤ ᠶ᠋ᠢᠨ ᠬᠦᠦ ᠪᠢᠯᠡ
ᠠᠭᠲᠠ ᠶ᠋ᠢᠨ ᠲᠣᠭᠣᠰᠣᠨ ᠳ᠋ᠤ᠌ ᠲᠥᠷᠥᠭᠰᠡᠨ ᠪᠢᠯᠡ
ᠠᠯᠢᠮᠠᠨ ᠡᠴᠡ ᠤᠷᠭᠤᠭᠰᠠᠨ ᠠᠯᠢᠮ᠎ᠠ ᠪᠢᠯᠡ
ᠠᠮᠢᠨ ᠡᠴᠡ ᠤᠷᠭᠤᠭᠰᠠᠨ ᠠᠮᠢ ᠪᠢᠯᠡ
ᠰᠠᠭᠠᠯᠢᠴᠢᠨ ᠡᠵᠢ ᠶ᠋ᠢᠨ ᠬᠦᠦ ᠪᠢᠯᠡ
ᠰᠠᠭᠠᠯᠢ ᠲᠠᠢ ᠡᠩᠭᠡᠷ ᠡᠴᠡ ᠤᠨᠠᠭᠰᠠᠨ ᠪᠢᠯᠡ
ᠰᠠᠷ᠎ᠠ ᠦᠭᠡᠢ ᠰᠥᠨᠢ ᠶ᠋ᠢᠨ ᠰᠠᠷᠠᠨ ᠪᠢᠯᠡ
ᠰᠠᠷ᠎ᠠ ᠲᠠᠢ ᠰᠥᠨᠢ ᠶ᠋ᠢᠨ ᠨᠠᠷᠠᠨ ᠪᠢᠯᠡ
ᠳᠠᠯᠠᠢ ᠪᠠᠶᠠᠨ ᠣᠷᠣᠨ ᠤ᠋ ᠪᠠᠨ ᠲᠥᠯᠥᠭᠡ
ᠳᠠᠢᠴᠢᠨ ᠠᠪᠤ ᠨᠢ ᠲᠡᠢᠨ ᠳ᠋ᠦ᠍ ᠶᠠᠪᠤᠭᠰᠠᠨ ᠶᠤᠮ
ᠳᠠᠢᠰᠤᠨ ᠳᠠᠷᠤᠭᠰᠠᠨ ᠳᠠᠷᠬᠠᠨ ᠴᠣᠯᠠ ᠲᠠᠢ
ᠳᠠᠷᠢ ᠦᠨᠦᠷᠲᠦᠭᠰᠡᠨ ᠠᠪᠤ ᠨᠢ ᠤᠨᠠᠭᠰᠠᠨ ᠶᠤᠮ
ᠬᠦᠦ ᠨᠢ ᠥᠰᠴᠦ ᠲᠣᠮᠣ ᠪᠣᠯᠤᠭᠠᠳ
ᠬᠦᠷᠡᠩ ᠳᠡᠰ ᠦ᠋ᠨ ᠵᠢᠭᠦᠷ ᠤᠷᠭᠤᠨ᠎ᠠ
ᠬᠦᠯᠦᠭ ᠮᠣᠷᠢ ᠪᠠᠨ ᠲᠩᠷᠢ ᠳ᠋ᠦ᠍ ᠰᠣᠢᠵᠤ
ᠬᠥᠮᠦᠨ ᠦ᠌ ᠬᠦᠰᠡᠯ ᠢ᠋ ᠭᠠᠵᠠᠷ ᠲᠤ᠌ ᠪᠦᠲᠦᠭᠡᠨ᠎ᠡ
ᠠᠪᠤ ᠶ᠋ᠢᠨ ᠦᠭᠡᠢ ᠳ᠋ᠦ᠍ ᠠᠪᠤ ᠪᠣᠯᠤᠭᠰᠠᠨ
ᠠᠷᠠᠳ ᠣᠯᠠᠨ ᠢ᠋ᠶ᠋ᠠᠨ ᠬᠠᠢᠷᠠᠯᠠᠵᠤ ᠶᠠᠪᠤᠭᠠᠷᠠᠢ
ᠠᠰᠤᠷᠤ ᠶᠡᠬᠡ ᠦᠨ᠎ᠡ ᠪᠡᠷ ᠣᠯᠤᠭᠰᠠᠨ
ᠠᠵᠠ ᠵᠢᠷᠭᠠᠯ ᠢ᠋ᠶ᠋ᠠᠨ ᠬᠠᠮᠠᠭᠠᠯᠠᠵᠤ ᠶᠠᠪᠤᠭᠠᠷᠠᠢ》
ᠡᠷ᠎ᠡ ᠨᠥᠬᠥᠷ ᠨᠢ ᠢᠷᠡᠭᠰᠡᠨ ᠢᠷᠡᠭᠡ ᠦᠭᠡᠢ
ᠡᠬᠡ ᠪᠦᠬᠦᠨ ᠲᠡᠷᠡ ᠴᠠᠭ ᠲᠤ᠌
ᠥᠨᠥ ᠦᠶ᠎ᠡ ᠶ᠋ᠢᠨ ᠬᠢᠨ ᠳ᠋ᠦ᠍ ᠡᠨᠡ ᠪᠦᠪᠡᠢ ᠶ᠋ᠢ
ᠡᠪᠦᠷ ᠳᠡᠭᠡᠷ᠎ᠡ ᠨᠢ ᠳᠠᠭᠤᠯᠠᠵᠤ ᠥᠭᠭᠦᠭᠰᠡᠨ ᠶᠤᠮ ᠃
ᠵᠣᠬᠢᠶᠠᠭᠴᠢ ᠶ᠋ᠢᠨ ᠲᠠᠨᠢᠯᠴᠠᠭᠤᠯᠭ᠎ᠠ
ᠨᠡᠷᠡᠲᠦ ᠢᠷᠠᠭᠤ ᠨᠠᠢᠷᠠᠭᠴᠢ ᠲᠠᠠᠳ᠋ᠠᠪ ᠤ᠋ᠨ ᠫᠦᠷᠪᠦᠳᠣᠷᠵᠢ
ᠮᠢᠩᠭ᠎ᠠ ᠶᠢᠰᠦᠨ ᠵᠠᠭᠤ ᠭᠤᠴᠢᠨ ᠭᠤᠷᠪᠠᠨ ᠣᠨ ᠳ᠋ᠤ᠌ ᠥᠪᠦᠷᠬᠠᠩᠭᠠᠢ ᠠᠢᠮᠠᠭ ᠤ᠋ᠨ ᠪᠦᠷᠢᠳᠦ ᠰᠤᠮᠤ ᠶ᠋ᠢᠨ ᠮᠠᠯᠴᠢᠨ ᠤ᠋ ᠭᠡᠷ ᠲᠦ᠍ ᠲᠥᠷᠥᠵᠦ᠂ ᠮᠣᠩᠭᠣᠯ ᠤᠯᠤᠰ ᠤ᠋ᠨ ᠬᠥᠳᠡᠯᠮᠦᠷᠢ ᠶ᠋ᠢᠨ ᠪᠠᠭᠠᠲᠤᠷ᠂ ᠠᠷᠠᠳ ᠤ᠋ᠨ ᠤᠷᠠᠨ ᠵᠣᠬᠢᠶᠠᠯᠴᠢ᠂ ᠲᠥᠷᠥ ᠶ᠋ᠢᠨ ᠱᠠᠩᠨᠠᠯᠲᠤ ᠢᠷᠠᠭᠤ ᠨᠠᠢᠷᠠᠭᠴᠢ᠃ ᠲᠡᠷᠡ ᠲᠠᠪᠢᠭᠠᠳ ᠣᠨ ᠡᠴᠡ ᠤᠷᠠᠨ ᠪᠦᠲᠦᠭᠡᠯ ᠦ᠋ᠨ ᠠᠵᠢᠯ ᠢ᠋ᠶ᠋ᠠᠨ ᠡᠬᠢᠯᠡᠵᠦ᠂《ᠬᠠᠪᠤᠷ ᠤ᠋ᠨ ᠳᠠᠭᠤᠤ》᠂ 《ᠰᠢᠯᠦᠭ ᠦ᠋ᠳ》᠂ 《ᠤᠯᠠᠭᠠᠨ ᠴᠣᠭ》᠂ 《ᠲᠠᠯ᠎ᠠ ᠶ᠋ᠢᠨ ᠲᠤᠶᠠᠭ᠎ᠠ》᠂ 《ᠵᠢᠭᠦᠷᠲᠦ ᠴᠠᠭᠠᠨ ᠭᠡᠷ》᠂ 《ᠰᠠᠨᠰᠠᠷ ᠲᠤ᠌ ᠬᠠᠢᠯᠤᠭᠰᠠᠨ ᠲᠤᠤᠯᠢ》᠂ 《ᠵᠠᠰᠠᠨ ᠠᠭᠤᠯᠠ ᠶ᠋ᠢᠨ ᠪᠢᠴᠢᠭᠡᠰᠦ》᠂ 《ᠠᠯᠠᠭᠠᠨ ᠳᠡᠭᠡᠷ᠎ᠡ ᠪᠠᠭᠤᠭᠰᠠᠨ ᠣᠳᠣ》ᠵᠡᠷᠭᠡ ᠰᠢᠯᠦᠭ ᠨᠠᠢᠷᠠᠭᠯᠠᠯ ᠤ᠋ᠨ ᠨᠣᠮ ᠬᠡᠪᠯᠠᠬᠥᠯᠣᠬ᠍ᠰᠠᠨ ᠶᠤᠮ᠃
ᠤᠩᠰᠢᠭᠴᠢᠳ ᠤ᠋ᠨ ᠲᠠᠯᠠᠷᠬᠠᠯ ᠢ᠋ ᠬᠦᠯᠢᠶᠡᠵᠦ ᠂ᠢᠷᠠᠭᠤ ᠨᠠᠢᠷᠠᠭ ᠤ᠋ᠨ ᠤᠷᠠᠨ ᠰᠠᠩ ᠢ᠋ ᠪᠠᠶᠠᠯᠢᠭᠵᠢᠭᠤᠯᠤᠭᠰᠠᠨ ᠂ 《ᠬᠠᠷ᠎ᠠ ᠴᠠᠰᠤ》᠂ 《ᠬᠥᠬᠡ ᠳᠠᠯᠢᠩᠪᠤᠨ ᠲᠡᠷᠯᠢᠭ》᠂ 《ᠰᠠᠬᠡᠰ ᠴᠠᠭᠠᠨ ᠪᠣᠭᠳᠠ》 ᠵᠡᠷᠭᠡ ᠨᠠᠢᠷᠠᠭᠯᠠᠯ ᠢ᠋ᠶ᠋ᠠᠷ ᠢ᠋ᠶ᠋ᠠᠨ ᠳ᠋ ᠂ᠫᠦᠷᠪᠦᠳᠣᠷᠵᠢ ᠪᠦᠭᠦᠳᠡ ᠨᠠᠢᠷᠠᠮᠳ᠋ᠠᠠᠠᠣ ᠮᠣᠩᠭᠣᠯ ᠠᠷᠠᠳ ᠤᠯᠤᠰ ᠤ᠋ᠨ ᠲᠥᠷᠥ ᠶ᠋ᠢᠨ ᠱᠠᠩᠨᠠᠯ ᠢ᠋ ᠬᠦᠷᠲᠡᠭᠰᠡᠨ ᠶᠤᠮ᠃
ᠲᠡᠭᠦᠨ ᠦ᠌ 《ᠠᠯᠲᠠᠨ ᠨᠠᠮᠤᠷ》᠂ 《ᠬᠥᠳᠡᠭᠡ ᠨᠤᠲᠤᠭ ᠰᠠᠢᠬᠠᠨ》᠂ 《ᠬᠠᠪᠤᠷ ᠤ᠋ᠨ ᠰᠥᠨᠢ ᠶ᠋ᠢᠨ ᠪᠣᠳᠣᠯ》ᠵᠡᠷᠭᠡ ᠨᠡᠯᠢᠶᠡᠳ ᠰᠢᠯᠦᠭ ᠦ᠋ᠳ ᠨᠢ ᠣᠯᠠᠨ ᠤ᠋ ᠳᠤᠷᠠᠲᠠᠢ ᠳᠠᠭᠤᠤ ᠪᠣᠯᠤᠨ ᠳᠡᠯᠭᠡᠷᠡᠭᠰᠡᠨ᠃
