ᠴᠡᠷᠢᠭ ᠬᠥᠮᠦᠨ - ᠴᠣ ᠂ ᠣᠷᠱᠤᠨ Цэрэг хүн – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠷᠢᠭ ᠬᠥᠮᠦᠨ - ᠴᠣ ᠂ ᠣᠷᠱᠤᠨ Цэрэг хүн – Чо ᠂ Оршин

ᠴᠡᠷᠢᠭ ᠬᠥᠮᠦᠨ - ᠴᠣ ᠂ ᠣᠷᠱᠤᠨ Цэрэг хүн – Чо ᠂ Оршин

2024-05-18

257

ᠴᠡᠷᠢᠭ ᠬᠥᠮᠦᠨ


 ᠡᠩᠬᠡ ᠲᠠᠢᠪᠤᠩ ᠤ᠋ᠨ ᠵᠠᠷ ᠢ᠋ ᠲᠤᠩᠬᠠᠭᠯᠠᠵᠤ  
 ᠡᠷ᠎ᠡ ᠬᠥᠮᠦᠨ ᠴᠡᠷᠢᠭ ᠲᠦ᠍ ᠮᠣᠷᠳᠠᠭᠰᠠᠨ ᠶᠤᠮ᠂  
 ᠡᠬᠡ ᠣᠷᠣᠨ ᠤ᠋ ᠪᠠᠨ ᠬᠢᠯᠢ ᠶ᠋ᠢ ᠰᠠᠬᠢᠵᠤ  
 ᠡᠷᠡᠨ ᠦᠶ᠎ᠡ ᠶ᠋ᠢᠨ ᠡᠭᠦᠷᠭᠡ ᠬᠦᠯᠢᠶᠡᠭᠰᠡᠨ ᠶᠦᠮ᠃ 
 ᠤᠯᠠᠭᠠᠨ ᠣᠳᠣ ᠪᠠᠨ ᠮᠠᠯᠠᠭᠠᠢ ᠳ᠋ᠠᠭᠠᠨ ᠬᠠᠲᠠᠵᠤ 
 ᠤᠯᠤᠰ ᠤ᠋ᠨ ᠴᠡᠷᠢᠭ ᠦ᠋ᠨ ᠠᠯᠪᠠ ᠬᠠᠭᠠᠭᠰᠠᠨ ᠶᠤᠮ᠂ 
 ᠠᠭᠤᠳᠠᠮ ᠴᠡᠯᠡᠭᠡᠷ ᠣᠷᠣᠨ ᠢ᠋ᠶ᠋ᠠᠨ ᠳᠠᠭᠤᠷᠢᠶᠠᠵᠤ 
 ᠣᠭ᠌ᠶᠤᠨ ᠨᠣᠭᠣᠭᠠᠨ ᠬᠤᠪᠴᠠᠰᠤ ᠡᠮᠦᠰᠦᠭᠰᠡᠨ ᠶᠦᠮ᠃  
 ᠲᠥᠷᠥ ᠭᠦᠷᠦᠨ ᠦ᠌ ᠠᠮᠤᠭᠤᠯᠠᠩ ᠢ᠋ ᠬᠠᠮᠠᠭᠠᠯᠠᠵᠤ  
 ᠲᠡᠦᠬᠡᠨ ᠬᠠᠷᠢᠭᠤᠴᠠᠯᠭ᠎ᠠ ᠪᠠᠨ ᠪᠡᠶᠡᠯᠡᠭᠦᠯᠵᠦ ᠪᠠᠢᠭ᠎ᠠ ᠶᠤᠮ᠂  
 ᠲᠦᠷᠢᠮᠡᠬᠡᠢ ᠡᠲᠡᠭᠡᠳ ᠦ᠋ᠨ ᠰᠠᠨᠠᠭ᠎ᠠ ᠶ᠋ᠢ ᠮᠣᠬᠣᠭᠠᠵᠤ 
 ᠲᠦᠪᠰᠢᠨ ᠵᠢᠷᠭᠠᠯᠠᠩ ᠤ᠋ᠨ ᠠᠮᠤᠷ ᠢ᠋ ᠪᠠᠲᠤᠯᠠᠭ᠎ᠠ ᠶᠤᠮ᠃ 
 ᠠᠷᠠᠳ ᠤ᠋ᠨ ᠴᠡᠷᠢᠭ᠂ ᠮᠠᠨ ᠤ᠋ ᠳᠣᠲᠣᠨᠣ ᠬᠥᠮᠦᠨ  
 ᠠᠯᠳᠠᠷ ᠭᠠᠪᠢᠶ᠎ᠠ ᠶ᠋ᠢ ᠴᠢᠨᠢ ᠤᠶᠠᠩᠭᠠᠯᠠᠨ ᠮᠠᠭᠲᠠᠨᠠᠮ᠂ 
 ᠴᠡᠴᠡᠭ ᠮᠠᠩᠨᠤᠷᠠᠭᠰᠠᠨ ᠲᠠᠯ᠎ᠠ ᠶ᠋ᠢᠨ ᠢ᠋ᠶ᠋ᠡᠨ ᠰᠠᠢᠬᠠᠨ ᠢ᠋ 
 ᠴᠡᠪᠡᠷ ᠪᠠᠢᠯᠭᠠᠬᠤ ᠪᠠᠷ ᠵᠣᠷᠢᠵᠤ ᠮᠣᠷᠳᠠᠭᠰᠠᠨ ᠶᠤᠮ᠂  
 ᠴᠡᠩᠭᠡᠯ ᠪᠠᠶᠠᠨ ᠠᠮᠢᠳᠤᠷᠠᠯ ᠤ᠋ᠨ ᠢ᠋ᠶ᠋ᠠᠨ  
 ᠪᠠᠳᠠᠷᠠᠯ ᠢ᠋ ᠰᠡᠭᠦᠳᠡᠷ ᠳᠤᠰᠬᠠᠬᠤ ᠦᠭᠡᠢ ᠬᠢᠴᠢᠶᠡᠨ ᠶᠠᠪᠤᠭ᠎ᠠ ᠶᠤᠮ᠃  
 ᠨᠠᠮ ᠤ᠋ᠨ ᠵᠠᠷᠯᠢᠭ ᠢ᠋ ᠰᠡᠳᠬᠢᠯ ᠳ᠋ᠡᠭᠡᠨ ᠰᠢᠩᠭᠡᠭᠡᠵᠦ  
 ᠨᠠᠴᠢᠨ ᠱᠣᠩᠬᠣᠷ ᠰᠢᠭ᠋ ᠳᠡᠭᠦᠯᠢᠨ ᠨᠢᠰᠦᠭᠡ ᠶᠦᠮ᠃ 
 ᠨᠠᠷᠮᠠᠢ ᠲᠦᠮᠡᠨ ᠦ᠌ ᠪᠡᠨ ᠢᠲᠡᠭᠡᠯ ᠢ᠋ ᠡᠪᠦᠷᠯᠡᠵᠦ 
 ᠨᠠᠨᠳᠢᠨ ᠦᠢᠯᠡᠰ ᠦ᠋ᠨ ᠳᠠᠷᠬᠠᠨ ᠢ᠋ ᠬᠠᠢᠷᠠᠯᠠᠭ᠎ᠠ ᠶᠤᠮ᠃   
 ᠡᠳᠦᠷᠵᠢᠨ ᠰᠥᠨᠢᠵᠢᠨ ᠬᠠᠷᠠᠭᠤᠯ ᠳ᠋ᠤ᠌ ᠵᠣᠭᠰᠣᠵᠤ 
 ᠥᠨᠢ ᠡᠨᠳᠡᠬᠦ ᠦᠭᠡᠢ ᠳᠤᠷᠠᠨ ᠬᠠᠷᠠᠭ᠎ᠠ ᠪᠠᠢᠭ᠎ᠠ ᠶᠤᠮ᠂  
 ᠡᠬᠡ ᠤᠯᠤᠰ ᠲᠠᠭᠠᠨ ᠴᠡᠴᠡᠭᠡᠢ ᠨᠢᠳᠦ ᠨᠢ ᠪᠣᠯᠵᠤ 
 ᠡᠯᠳᠡᠪ ᠬᠠᠯᠳᠠᠯᠭ᠎ᠠ ᠶ᠋ᠢ ᠰᠡᠷᠡᠮᠵᠢᠯᠡᠵᠦ ᠪᠠᠢᠭ᠎ᠠ ᠶᠤᠮ᠃  
 ᠠᠷᠠᠳ ᠤ᠋ᠨ ᠴᠡᠷᠢᠭ ᠮᠠᠨ ᠤ᠋ ᠳᠣᠲᠣᠨᠣ ᠬᠥᠮᠦᠨ  
 ᠠᠯᠳᠠᠷ ᠭᠠᠪᠢᠶ᠎ᠠ ᠶ᠋ᠢ ᠴᠢᠨᠢ ᠤᠶᠠᠩᠭᠠᠯᠠᠨ ᠮᠠᠭᠲᠠᠨᠠᠮ᠃ 

    ᠢᠷᠡᠯᠲᠡ᠄ ᠴᠣ᠂ ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 05 11