ᠠᠢᠯ ᠭᠡᠷ ᠢᠶᠡᠨ ᠥᠭᠡᠳᠡᠯᠡᠭᠦᠯᠬᠦ ᠥᠨᠢ ᠶᠢᠨ ᠬᠥᠬᠡ ᠲᠠᠩᠭᠠᠷᠢᠭᠲᠤ ᠲᠠᠷᠨᠢ ᠣᠷᠣᠰᠢᠪᠠᠢ - ᠶᠣᠨᠳᠣᠨ ᠤ ᠪᠢᠯᠢᠭ᠌ - ᠪᠠᠭᠠᠲᠤᠷ Айл гэрээ өөдлүүлэх өнийн хөх тангарагт тарни оршбой - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠢᠯ ᠭᠡᠷ ᠢᠶᠡᠨ ᠥᠭᠡᠳᠡᠯᠡᠭᠦᠯᠬᠦ ᠥᠨᠢ ᠶᠢᠨ ᠬᠥᠬᠡ ᠲᠠᠩᠭᠠᠷᠢᠭᠲᠤ ᠲᠠᠷᠨᠢ ᠣᠷᠣᠰᠢᠪᠠᠢ - ᠶᠣᠨᠳᠣᠨ ᠤ ᠪᠢᠯᠢᠭ᠌ - ᠪᠠᠭᠠᠲᠤᠷ Айл гэрээ өөдлүүлэх өнийн хөх тангарагт тарни оршбой - Ёндоны Билиг - Баатар

ᠠᠢᠯ ᠭᠡᠷ ᠢᠶᠡᠨ ᠥᠭᠡᠳᠡᠯᠡᠭᠦᠯᠬᠦ ᠥᠨᠢ ᠶᠢᠨ ᠬᠥᠬᠡ ᠲᠠᠩᠭᠠᠷᠢᠭᠲᠤ ᠲᠠᠷᠨᠢ ᠣᠷᠣᠰᠢᠪᠠᠢ - ᠶᠣᠨᠳᠣᠨ ᠤ ᠪᠢᠯᠢᠭ᠌ - ᠪᠠᠭᠠᠲᠤᠷ Айл гэрээ өөдлүүлэх өнийн хөх тангарагт тарни оршбой - Ёндоны Билиг - Баатар

2024-05-17

340



          ᠳᠠᠶᠠᠩ ᠳᠡᠯᠡᠬᠡᠢ ᠶ᠋ᠢᠨ 
         ᠳᠠᠶᠠᠭᠠᠷ ᠨᠠᠷᠮᠠᠢ ᠮᠣᠩᠭᠣᠯᠴᠤᠳ ᠤ᠋ᠨ 
            ᠮᠥᠩᠬᠡᠳᠡ ᠪᠠᠢᠩᠭᠤ ᠤᠩᠰᠢᠬᠤᠢ 
               ᠠᠢᠯ ᠭᠡᠷ ᠢ᠋ᠶ᠋ᠡᠨ ᠥᠭᠡᠳᠡᠯᠡᠭᠦᠯᠬᠦ 
                                ᠥᠨᠢ ᠶ᠋ᠢᠨ 

  ᠬᠥᠬᠡ ᠲᠠᠩᠭᠠᠷᠢᠭᠲᠤ ᠲᠠᠷᠨᠢ ᠣᠷᠣᠰᠢᠪᠠᠢ 

              – ᠬᠢᠶᠠᠳ ᠪᠣᠷᠵᠢᠭᠢᠨ ᠣᠪᠣᠭᠲᠤ 
       ᠴᠠᠬᠠᠷ ᠴᠠᠭᠠᠨ ᠶᠠᠰᠤᠲᠠᠨ ᠶᠣᠨᠳᠣᠨ ᠤ᠋ ᠪᠢᠯᠢᠭ 
       – ᠪᠠᠭᠠᠲᠤᠷ ᠪᠦᠲᠦᠭᠡᠪᠡᠢ ᠬᠡᠮᠡᠬᠦ ᠱᠠᠰᠲᠢᠷᠯᠢᠭ 
       ᠰᠠᠨᠰᠠᠷᠯᠢᠭ ᠣᠷᠴᠢᠯᠠᠩᠯᠢᠭ ᠰᠦᠨᠡᠰᠦᠯᠢᠭ ᠭᠡᠭᠡᠯᠢᠭ 
       ᠨᠢᠭᠦᠯᠡᠰᠦᠩᠭᠦᠢ ᠬᠢᠴᠢᠶᠡᠩᠭᠦᠢ ᠶ᠋ᠢᠨ ᠲᠤᠭᠤᠷᠪᠢᠯ ᠪᠥᠯᠥᠭᠡ᠃  

 ᠮᠥᠩᠬᠡ ᠲᠡᠭᠷᠢ ᠶ᠋ᠢᠨ ᠬᠡᠰᠢᠭ ᠪᠤᠶᠠᠨ 
       (ᠭᠣᠣᠯ ᠲᠥᠪ ᠲᠦ᠍ 
        ᠲᠣᠮᠣ ᠦᠰᠦᠭ ᠢ᠋ᠶ᠋ᠡᠷ ᠪᠢᠴᠢᠮᠦᠢ) 

 ᠥᠯᠵᠡᠢ ᠪᠡᠯᠭᠡ ᠦᠯᠡᠮᠵᠢ ᠵᠢᠷᠭᠠᠯ 
       (ᠳᠡᠭᠡᠳᠦ ᠵᠤᠯᠠᠢ ᠳ᠋ᠤ᠌᠂ 
        ᠠᠷᠠᠢ ᠵᠢᠵᠢᠭᠬᠡᠨ ᠦᠰᠦᠭ ᠢ᠋ᠶ᠋ᠡᠷ ᠪᠢᠴᠢᠮᠦᠢ) 

 ᠰᠠᠢᠨ ᠶᠠᠪᠤᠬᠤ ᠰᠠᠨᠠᠭ᠎ᠠ ᠪᠠᠷ᠂ 
 ᠰᠠᠢᠬᠠᠨ ᠠᠮᠢᠳᠤᠷᠠᠬᠤ ᠵᠠᠶᠠᠭ᠎ᠠ ᠪᠠᠷ 
       (ᠳᠣᠣᠷ᠎ᠠ ᠥᠯᠮᠡᠢ ᠳ᠋ᠦ᠍᠂ 
        ᠠᠷᠠᠢ ᠵᠢᠵᠢᠭᠬᠡᠨ ᠦᠰᠦᠭ ᠢ᠋ᠶ᠋ᠡᠷ ᠪᠢᠴᠢᠮᠦᠢ)

 ᠨᠠᠰᠤᠨ ᠬᠤᠲᠤᠭ ᠡᠷᠡᠭᠦᠯ ᠬᠠᠨᠠᠭᠠᠷ᠂ 
 ᠨᠣᠮ ᠤ᠋ᠨ ᠴᠠᠭᠠᠨ ᠪᠤᠶᠠᠨ ᠳᠡᠯᠭᠡᠷ᠃ 
 ᠡᠳᠦᠷ ᠡᠳᠦᠷ ᠥᠯᠵᠡᠢ ᠲᠡᠢ᠂ 
 ᠥᠭᠡᠳᠡ ᠪᠠᠳᠠᠷᠠᠩᠭᠤᠢ ᠬᠡᠢᠮᠣᠷᠢ ᠲᠠᠢ᠃ 
 ᠣᠶᠤᠨ ᠪᠢᠯᠢᠭ ᠲᠡᠭᠦᠯᠳᠡᠷ ᠰᠠᠴᠤᠷᠠᠩᠭᠤᠢ᠂ 
 ᠤᠷᠮ᠎ᠠ ᠤᠩᠰᠢᠯᠭ᠎ᠠ ᠨᠢᠭᠦᠯᠡᠰᠦᠩᠭᠦᠢ ᠬᠢᠴᠢᠶᠡᠩᠭᠦᠢ᠃ 
       (ᠵᠡᠭᠦᠨ ᠬᠠᠶᠠᠭᠠᠨ ᠳ᠋ᠤ᠌᠂ 
        ᠳᠤᠮᠳᠠ ᠪᠠᠢᠷᠢ ᠶ᠋ᠢᠨ ᠦᠰᠦᠭ ᠢ᠋ᠶ᠋ᠡᠷ ᠪᠢᠴᠢᠮᠦᠢ) 

 ᠣᠨ ᠣᠨ ᠳ᠋ᠠᠭᠠᠨ ᠣᠯᠵᠠ ᠣᠮᠣᠭ ᠲᠠᠢ᠂ 
 ᠤᠯᠠᠮ ᠥᠭᠡᠳᠡᠯᠡᠬᠦ ᠥᠨᠳᠥᠷ ᠣᠯᠪᠣᠭ ᠲᠠᠢ᠂ 
 ᠪᠠᠶᠠᠨ ᠲᠠᠩᠰᠤᠭ ᠪᠠᠶᠠᠰᠬᠤᠯᠠᠩ ᠵᠢᠷᠭᠠᠯᠠᠩ᠃ 
 ᠤᠴᠢᠷ ᠪᠣᠯᠭᠠᠨ ᠳ᠋ᠤ᠌ ᠠᠷᠢᠭᠤᠨ ᠴᠡᠭᠡᠷ ᠲᠡᠢ᠂ 
 ᠤᠴᠠᠷᠠᠯ ᠶᠠᠪᠤᠳᠠᠯ ᠢᠯᠭᠤᠮ ᠤᠷᠤᠭᠰᠢ ᠲᠠᠢ᠃ 
 ᠤᠷᠲᠤ ᠨᠠᠰᠤᠯᠠᠬᠤ ᠤᠳᠠᠭᠠᠨ ᠵᠢᠷᠭᠠᠯ ᠲᠠᠢ᠂ 
 ᠵᠠᠭᠤ ᠨᠠᠰᠤᠯᠠᠬᠤ ᠵᠢᠷᠭᠤᠭᠠᠲᠠᠢ ᠲᠠᠶᠢᠭ ᠲᠠᠢ᠃ 
       (ᠪᠠᠷᠠᠭᠤᠨ ᠬᠠᠶᠠᠭᠠᠨ ᠳ᠋ᠤ᠌ 
        ᠳᠤᠮᠳᠠ ᠪᠠᠢᠷᠢ ᠶ᠋ᠢᠨ ᠦᠰᠦᠭ ᠢ᠋ᠶ᠋ᠡᠷ ᠪᠢᠴᠢᠮᠦᠢ)

        2024᠂ 5 ᠂ 17᠃  ᠦᠳᠡ ᠬᠣᠢᠨ᠎ᠠ᠃ 
         ᠬᠥᠬᠡᠬᠣᠲᠠᠨ᠎ᠠ ᠪᠢᠰᠢᠯᠭᠠᠨ ᠪᠦᠲᠦᠭᠡᠪᠡᠢ᠃ 

     ※  ᠵᠢᠷᠤᠮ ᠤ᠋ᠨ ᠴᠢᠩ ᠦᠨᠡᠨᠴᠢ ᠡᠷᠬᠢᠮ 
  ᠥᠬᠢᠨ ᠳᠡᠭᠦᠦᠳᠡᠢ ᠪᠣᠯᠬᠤᠢ ᠱᠠᠯ ᠭᠠᠯᠵᠠᠶᠠᠭᠠᠲᠠᠢ  
      ᠪᠠᠭᠠᠷᠢᠨ ᠪᠠᠷᠠᠭᠤᠨ ᠬᠣᠰᠢᠭᠤ ᠨᠤᠲᠤᠭᠲᠠᠢ 
         ᠲᠤᠩᠭᠠᠯᠠᠭ ᠬᠡᠮᠡᠬᠦ ᠭᠡᠭᠡᠯᠢᠭ ᠤᠬᠠᠭᠠᠲᠠᠢ 
      ᠮᠠᠰᠢᠳᠠ ᠵᠢᠷᠤᠮᠲᠠᠢ ᠪᠦᠰᠡᠭᠦᠢ ᠶ᠋ᠢᠨ ᠴᠢᠩ ᠦᠨᠡᠨ 
          ᠨᠠᠢᠳᠠᠯᠠᠭ᠎ᠠ ᠪᠠᠷ ᠡᠢᠨᠬᠦ ᠴᠢᠷᠮᠠᠢᠨ 
      ᠬᠢᠴᠢᠶᠡᠩᠭᠦᠢ ᠲᠤᠩᠭᠠᠨ ᠪᠠᠢᠵᠤ ᠪᠦᠲᠦᠭᠡᠪᠡᠢ᠃