ᠥᠲᠡᠯᠬᠦ ᠵᠠᠪ ᠦᠭᠡᠢ ᠨᠠᠰᠤ- ᠲ · ᠰᠡᠴᠡᠨӨтлөх завгүй нас-Т ·Цэцэн
— ᠥᠪᠥᠷ ᠮᠣᠩᠭᠣᠯ ᠤ᠋ᠨ ᠡᠳᠦᠷ ᠦ᠋ᠨ ᠰᠣᠨᠢᠨ ᠤ᠋ ᠨᠠᠶᠠᠨ ᠳᠥᠷᠪᠡᠲᠡᠢ ᠶᠣᠨᠳᠣᠨ ᠪᠠᠭᠰᠢ ᠳ᠋ᠠᠭᠠᠨ
ᠲ · ᠰᠡᠴᠡᠨ
ᠣᠩᠨᠢᠭᠤᠳ ᠨᠤᠲᠤᠭ ᠲᠤ᠌ ᠲᠥᠷᠥᠭᠰᠡᠨ
ᠣᠯᠠᠨ ᠳᠠᠶᠠᠭᠠᠷ ᠲᠤ᠌ ᠠᠯᠳᠠᠷᠰᠢᠭᠰᠠᠨ
ᠶᠣᠰᠣᠨ ᠳ᠋ᠠᠭᠠᠨ ᠶᠠᠰᠤᠨ ᠳ᠋ᠠᠭᠠᠨ ᠡᠷᠴᠢ ᠲᠡᠢ
ᠶᠤᠨᠳᠤᠨ ᠪᠠᠭᠰᠢ ᠪᠠᠨ ᠪᠠᠬᠠᠷᠠᠨᠠᠮ
ᠠᠵᠢᠯ ᠦᠢᠯᠡᠰ ᠢ᠋ᠶ᠋ᠡᠨ ᠳᠡᠭᠡᠵᠢᠯᠡᠭᠰᠡᠨ
ᠠᠷᠠᠳ ᠵᠤᠨ ᠢ᠋ᠶ᠋ᠠᠨ ᠬᠠᠢᠷᠠᠯᠠᠭᠰᠠᠨ
ᠠᠬ᠎ᠠ ᠳᠡᠭᠦᠦ ᠨᠠᠷ ᠲᠠᠭᠠᠨ ᠬᠦᠨᠳᠦᠳᠬᠡᠯ ᠲᠡᠢ
ᠠᠬᠠᠮᠠᠳ ᠪᠠᠭᠰᠢ ᠪᠠᠨ ᠪᠢᠰᠢᠷᠡᠨᠡᠮ
ᠰᠤᠷᠪᠤᠯᠵᠢᠯᠠᠭ᠎ᠠ ᠤᠤ ᠨᠠᠢᠷᠠᠭᠤᠯᠭ᠎ᠠ ᠤᠤ
ᠰᠤᠳᠤᠯᠤᠨ᠎ᠠ ᠤᠤ ᠵᠣᠬᠢᠶᠠᠨ᠎ᠠ ᠤᠤ
ᠰᠣᠶᠣᠯ ᠤ᠋ᠨ ᠠᠮᠢ ᠪᠠᠷ ᠭᠡᠷᠡᠯᠲᠦᠭᠰᠡᠨ
ᠰᠣᠳᠣᠨ ᠶᠠᠪᠤᠭᠰᠠᠨ ᠵᠢᠳᠬᠦᠯᠲᠡᠨ ᠪᠢᠯᠡ
ᠣᠷᠴᠢᠭᠤᠯᠭ᠎ᠠ ᠤᠤ ᠭᠠᠷᠮᠠᠭᠠᠢ ᠭᠠᠷ
ᠣᠨᠣᠯᠵᠢᠭᠤᠯᠤᠨᠠ ᠤᠤ ᠭᠠᠢᠬᠠᠯᠲᠠᠢ ᠤᠷ᠎ᠠ
ᠣᠷᠴᠢᠨ ᠴᠠᠭ ᠲᠠᠭᠠᠨ ᠠᠭᠤᠰᠤᠭᠰᠠᠨ
ᠣᠳᠣᠨ ᠶᠠᠪᠤᠭᠰᠠᠨ ᠭᠠᠪᠢᠶᠠᠲᠠᠨ ᠪᠢᠯᠡ
ᠬᠥᠮᠦᠨ ᠤᠬᠠᠭᠠᠨ ᠤ᠋ ᠡᠷᠢᠯᠴᠢᠨ
ᠬᠦᠰᠡᠯ ᠪᠣᠳᠣᠯ ᠤ᠋ᠨ ᠬᠠᠢᠭᠤᠯᠴᠢᠨ
ᠬᠥᠬᠡ ᠮᠣᠩᠭᠣᠯ ᠤ᠋ᠨ ᠦᠷ᠎ᠡ
ᠬᠦᠢ ᠨᠤᠲᠤᠭ ᠤ᠋ᠨ ᠡᠷ᠎ᠡ
ᠶᠣᠨᠳᠤᠨ ᠪᠠᠭᠰᠢ ᠭᠣᠶᠣᠮᠰᠣᠭ
ᠶᠣᠰᠣᠲᠠᠢ ᠶᠠᠰᠤᠲᠠᠢ ᠪᠢᠴᠢᠭᠲᠡᠨ
ᠪᠤᠭᠤᠷᠤᠯ ᠪᠠᠭᠰᠢ ᠡᠷᠬᠢᠮᠰᠦᠭ
ᠪᠤᠶᠠᠨᠲᠠᠢ ᠵᠢᠷᠭᠠᠯᠲᠠᠢ ᠪᠢᠯᠢᠭᠲᠡᠨ
ᠥᠲᠡᠯᠬᠦ ᠵᠠᠪ ᠦᠭᠡᠢ ᠶᠠᠭᠠᠷᠠᠵᠤ
ᠦᠢᠯᠡᠰ ᠦ᠋ᠨ ᠠᠭᠤᠯᠠᠰ ᠪᠠᠢᠭᠤᠯᠤᠨᠠᠮ
ᠡᠪᠦᠭᠡᠷᠡᠬᠦ ᠴᠢᠯᠥᠭᠡ ᠦᠭᠡᠢ ᠲᠤᠭᠤᠷᠪᠢᠵᠤ
ᠥᠨᠳᠥᠷ ᠨᠠᠰᠤ ᠵᠣᠭᠣᠭᠯᠠᠨᠠᠮ
ᠰᠠᠢᠬᠠᠨ ᠭᠡᠳᠡᠭ ᠵᠢᠷᠤᠭ ᠪᠠᠢᠨᠠᠮ
ᠰᠠᠢᠨ ᠭᠡᠳᠡᠭ ᠵᠣᠷᠢᠭ ᠪᠠᠢᠨᠠᠮ
ᠰᠠᠷᠠᠲᠠᠢ ᠰᠥᠨᠢ ᠶ᠋ᠢᠨ ᠭᠡᠭᠡᠷᠡᠯ ᠪᠤᠶᠤ
ᠰᠠᠨᠠᠭ᠎ᠠ ᠪᠣᠳᠣᠯ ᠤ᠋ᠨ ᠰᠡᠬᠡᠭᠡᠷᠡᠯ ᠪᠤᠶᠤ
ᠴᠠᠭᠠᠭᠴᠢᠨ ᠦᠬᠡᠷ ᠵᠢᠯ ᠦ᠋ᠨ ᠬᠠᠪᠤᠷ ᠬᠠᠰᠪᠠᠭᠠᠲᠤᠷ ᠰᠡᠢᠷᠡᠭᠦᠯᠪᠡ
ᠦᠰᠦᠭ ᠠᠮᠢᠯᠠᠭᠤᠯᠤᠭᠴᠢ᠄ ᠡᠷᠳᠡᠨᠢᠭᠣᠤ᠎ᠠ
ᠬᠢᠨᠠᠭᠴᠢ᠄ ᠰᠡᠬᠡᠭᠡᠷᠡᠯ᠂ ᠣᠳᠬᠠᠨᠰᠣ᠎ᠠ
