ᠠᠪᠤᠷᠠᠭᠴᠢ ᠮᠠᠵᠠᠭᠠᠯᠠᠢ ᠶᠢᠨ ᠵᠥᠪᠯᠡᠮᠵᠢ ᠭᠠᠯ ᠭᠠᠷᠪᠠАврагч Мазаалайн Зөвлөмж _ Гал гарав. Our Story of Fire
ᠠᠪᠤᠷᠠᠭᠴᠢ ᠮᠠᠵᠠᠭᠠᠯᠠᠢ ᠶᠢᠨ ᠵᠥᠪᠯᠡᠮᠵᠢ ᠭᠠᠯ ᠭᠠᠷᠪᠠ
ᠨᠠᠮ᠎ᠠ ᠶ᠋ᠢ ᠲᠣᠮᠣᠣ ᠭᠡᠳᠡᠭ ᠃ ᠬᠠᠷᠢᠨ ᠡᠳᠡ ᠪᠣᠯ ᠮᠢᠨᠦ ᠨᠠᠢᠵᠠ ᠨᠤᠭᠤᠳ ᠪᠣᠯᠬᠤ ᠰᠣᠨᠢᠭᠤᠴᠢᠬᠠᠨ᠂ ᠮᠥᠨ ᠠᠪᠤᠷᠠᠭᠴᠢ ᠮᠠᠵᠠᠭᠠᠯᠠᠢ ᠪᠠᠢᠨ᠎ᠠ ᠃ ᠢᠩᠭᠢᠭᠡᠳ ᠪᠢᠳᠡᠨ ᠦ᠌ ᠲᠡᠦᠬᠡ ᠪᠡᠷ ᠠᠶᠠᠯᠠᠵᠠᠭᠠᠶ᠎ᠠ!
ᠨᠢᠭᠡ ᠡᠳᠦᠷ ᠰᠣᠨᠢᠭᠤᠴᠢᠬᠠᠨ ᠤ᠋ ᠡᠭᠦᠷ ᠢ᠋ ᠭᠡᠷᠡᠯ ᠢ᠋ᠶ᠋ᠡᠷ ᠴᠢᠮᠡᠭᠯᠡᠬᠦ ᠪᠡᠷ ᠪᠣᠯᠤᠯ᠎ᠠ ᠃ ᠲᠡᠭᠡᠲᠡᠯ᠎ᠡ ᠰᠣᠨᠢᠭᠤᠴᠢᠬᠠᠨ ᠪᠢᠳᠡ ᠬᠣᠶᠠᠷ ᠤ᠋ᠨ ᠲᠣᠭᠣᠮᠵᠢᠷ ᠦᠭᠡᠢ ᠪᠠᠢᠳᠠᠯ ᠠ᠋ᠴᠠ ᠪᠣᠯᠵᠤ ᠪᠥᠭᠡᠮ ᠬᠡᠷᠡᠭ ᠮᠠᠨᠳᠤᠯ᠎ᠠ ᠰᠢᠦ ᠃
ᠲᠣᠮᠣᠣ ᠠ᠋ ᠂ ᠬᠥᠷᠰᠢ ᠠᠢᠯ ᠤ᠋ᠳ ᠲᠤ᠌ ᠭᠠᠯ ᠭᠠᠷᠤᠭᠰᠠᠨ ᠢ᠋ ᠮᠡᠳᠡᠭᠳᠡᠵᠦ ᠂ ᠬᠥᠮᠦᠰ ᠢ᠋ ᠮᠥᠨ ᠳᠠᠷᠤᠢ ᠭᠠᠳᠠᠭᠰᠢ ᠪᠠᠨ ᠠᠶᠤᠯ ᠦᠭᠡᠢ ᠭᠠᠵᠠᠷ ᠵᠠᠯᠠᠬᠤ ᠶ᠋ᠢ ᠪᠣᠳᠣᠭᠠᠷᠠᠢ!
ᠵᠠ ᠂ ᠮᠡᠳᠡᠯ᠎ᠡ ᠃
ᠰᠣᠨᠢᠭᠤᠴᠢᠬᠠᠨ ᠠ᠋᠂ ᠵᠣᠭᠰᠣᠭᠠᠷᠠᠢ!
ᠠᠪᠤᠷᠠᠭᠴᠢ ᠮᠠᠵᠠᠭᠠᠯᠠᠢ ᠶ᠋ᠢᠨ ᠲᠤᠰᠠᠯᠠᠮᠵᠢ ᠲᠠᠢ ᠪᠠᠷ ᠭᠠᠯ ᠢ᠋ ᠪᠠᠭ᠎ᠠ ᠳᠡᠭᠡᠷ᠎ᠡ ᠨᠢ ᠳᠠᠷᠤᠯ᠎ᠠ ᠃ ᠶᠠᠮᠠᠷ ᠲᠠᠢ ᠴᠤ᠌ ᠰᠣᠨᠢᠭᠤᠴᠢᠬᠠᠨ ᠪᠢᠳᠡ ᠬᠣᠶᠠᠷ ᠲᠣᠮᠣ ᠰᠤᠷᠭᠠᠮᠵᠢ ᠠᠪᠤᠯ᠎ᠠ ᠰᠢᠦ ᠃
ᠢᠩᠭᠢᠭᠡᠳ ᠠᠪᠤᠷᠠᠭᠴᠢ ᠮᠠᠵᠠᠭᠠᠯᠠᠢ ᠪᠢᠳᠡᠨ ᠳ᠋ᠦ᠍ ᠭᠠᠯ ᠲᠦᠢᠮᠡᠷ ᠦ᠋ᠨ ᠦᠶ᠎ᠡ ᠪᠡᠷ ᠶᠠᠭᠤ ᠬᠢᠵᠦ ᠪᠣᠢ ᠶ᠋ᠢ ᠵᠢᠭᠠᠪᠤᠷᠢᠴᠢᠯᠠᠭᠰᠠᠨ ᠶᠤᠮ ᠃
ᠬᠡᠷᠪᠡ ᠲᠠᠨ ᠤ᠋ ᠭᠡᠷ ᠂ ᠣᠷᠣᠨ ᠰᠠᠭᠤᠴᠠ ᠭᠠᠯ ᠭᠠᠷᠤᠭᠰᠠᠨ ᠪᠣᠯ ᠬᠠᠮᠤᠭ ᠤ᠋ᠨ ᠲᠡᠷᠢᠭᠦᠨ ᠳ᠋ᠦ᠍ 101 ᠲᠤᠰᠬᠠᠢ ᠳ᠋ᠤᠭᠠᠷ ᠤ᠋ᠨ ᠤᠲᠠᠰᠤᠨ ᠳ᠋ᠤ᠌ ᠶᠠᠭᠠᠷᠠᠯᠲᠠᠢ ᠭᠠᠯ ᠤ᠋ᠨ ᠳᠠᠭᠤᠳᠠᠯᠭ᠎ᠠ ᠥᠭᠭᠦᠭᠡᠷᠡᠢ!
ᠲᠠ ᠭᠠᠯ ᠳ᠋ᠤ᠌ ᠠᠪᠤᠯᠴᠠᠵᠤ ᠡᠬᠢᠯᠡᠪᠡᠯ ᠰᠣᠨᠢᠭᠤᠴᠢᠬᠠᠨ ᠰᠢᠭ᠋ ᠰᠠᠨᠳᠤᠷᠴᠤ ᠭᠦᠶᠦᠵᠦ ᠪᠣᠯᠬᠤ ᠦᠭᠡᠢ ᠰᠢᠦ ᠃ ᠪᠠᠰᠠ ᠭᠠᠯ ᠤ᠋ᠨ ᠠᠶᠤᠯ ᠠ᠋ᠴᠠ ᠤᠷᠢᠳᠴᠢᠯᠠᠨ ᠰᠡᠷᠭᠡᠢᠯᠡᠬᠦ ᠡᠭᠦᠳᠡᠨ ᠡᠴᠡ ᠫᠢᠰᠢᠩ ᠪᠣᠯᠤᠨ ᠴᠠᠬᠢᠯᠭᠠᠨ ᠤ᠋ ᠠᠶᠤᠯ ᠦᠭᠡᠢ ᠪᠠᠢᠳᠠᠯ ᠢ᠋ ᠵᠠᠪᠠᠯ ᠬᠠᠩᠭᠠᠭᠠᠷᠠᠢ!
※ ᠪᠢᠳᠡᠨ ᠦ᠌ ᠲᠡᠦᠬᠡ
ᠠᠪᠤᠷᠠᠭᠴᠢ ᠮᠠᠵᠠᠭᠠᠯᠠᠢ ᠶ᠋ᠢᠨ ᠵᠥᠪᠯᠡᠮᠵᠢ
101 ᠲᠤᠰᠬᠠᠢ ᠳ᠋ᠤᠭᠠᠷ ᠲᠤ᠌ ᠳᠠᠭᠤᠳᠠᠯᠭ᠎ᠠ ᠥᠭ
ᠪᠤᠤ ᠰᠠᠨᠳᠤᠷ! ᠵᠣᠭᠰᠣ᠂ ᠬᠡᠪᠲᠡ᠂ ᠥᠩᠬᠥᠷᠢ
ᠠᠶᠤᠯ ᠦᠭᠡᠢ ᠪᠠᠢᠳᠠᠯ ᠢ᠋ ᠰᠠᠢᠲᠤᠷ ᠬᠠᠩᠭ᠎ᠠ!
ᠣᠯᠠᠨ ᠨᠡᠢᠲᠡ ᠳ᠋ᠦ᠍ ᠲᠤᠯᠭᠠᠭᠤᠷᠢᠯᠠᠭᠰᠠᠨ ᠭᠠᠮᠰᠢᠭ ᠤ᠋ᠨ ᠡᠷᠡᠰᠳᠡᠯ ᠢ᠋ ᠪᠠᠭᠤᠷᠠᠭᠤᠯᠬᠤ ᠦᠨᠳᠦᠰᠦᠨ ᠦ᠌ ᠬᠥᠲᠥᠯᠪᠦᠷᠢ
ᠣᠨᠴᠠᠭᠠᠢ ᠨᠥᠬᠥᠴᠡᠯ ᠳ᠋ᠦ᠍ ᠬᠣᠯᠪᠣᠭᠳᠠᠬᠤ ᠤᠲᠠᠰᠤᠨ ᠤ᠋ ᠵᠢᠭᠰᠠᠭᠠᠯᠲᠠ᠄
101 ᠭᠠᠯ
102 ᠴᠠᠭᠳᠠᠭ᠎ᠠ
103 ᠡᠮᠨᠡᠯᠭᠡ
105 ᠰᠢᠭᠤᠷᠬᠠᠢ ᠪᠦᠯᠦᠭ
108 ᠬᠡᠦᠬᠡᠳ ᠦ᠋ᠨ ᠲᠤᠰᠠᠯᠠᠮᠵᠢ
ᠮᠣᠩᠭᠣᠯ ᠦᠰᠦᠭ ᠬᠠᠲᠠᠭᠴᠢ᠄ ᠵᠡᠷᠮᠦᠳ ᠸ· ᠥᠯᠵᠡᠢ
ᠦᠰᠦᠭ ᠬᠢᠨᠠᠭᠴᠢ᠄ ᠮᠥᠴᠢᠷ
