ᠪᠢ ᠪᠣᠯ ᠰᠢᠷᠣᠢ - ᠴᠣ ᠂ ᠣᠷᠱᠤᠨ Би бол шороо – Чо ᠂ Оршин
ᠪᠢ ᠪᠣᠯ ᠰᠢᠷᠣᠢ
ᠪᠡᠨ᠎ᠡ ᠪᠡᠷ ᠦᠨᠡᠯᠡᠵᠦ ᠭᠠᠳᠠᠭᠰᠢ ᠬᠤᠳᠠᠯᠳᠤᠬᠤ ᠦᠭᠡᠢ
ᠬᠣᠣᠷ ᠰᠠᠨᠠᠵᠤ ᠨᠠᠮᠠᠶ᠋ᠢ ᠮᠠᠯᠲᠠᠪᠠᠯ
ᠬᠠᠤᠯᠢ ᠶᠣᠰᠣᠨ ᠤ᠋ ᠡᠷᠬᠡ ᠮᠠᠲᠠᠯ ᠢ᠋ᠶ᠋ᠠᠷ
ᠬᠣᠷᠸ᠎ᠠ ᠳ᠋ᠤ᠌ ᠪᠢ ᠲᠤᠩᠬᠠᠭ ᠵᠠᠷᠯᠠᠨ᠎ᠠ᠃
ᠬᠣᠴᠣᠷᠴᠤ ᠦᠯᠡᠳᠡᠬᠦ ᠬᠥᠷᠥᠰᠥ ᠠᠬ᠎ᠠ ᠳ᠋ᠤ᠌
ᠬᠣᠪᠬᠣᠷᠳᠠᠭ ᠦᠭᠡᠢ ᠨᠡᠷ᠎ᠡ ᠪᠡᠨ ᠣᠷᠬᠢᠨ᠎ᠠ᠃
ᠲᠢᠪ ᠳᠡᠯᠡᠬᠡᠢ ᠲᠣᠭᠲᠠᠭᠰᠠᠨ ᠴᠠᠭ ᠠ᠋ᠴᠠ
ᠲᠥᠷᠥᠯᠬᠢ ᠪᠠᠭᠤᠷᠠᠢ ᠣᠷᠣᠮᠯᠠᠭᠰᠠᠨ ᠦᠶ᠎ᠡ ᠡᠴᠡ
ᠲᠡᠭᠦᠨ ᠦ᠌ ᠬᠥᠷᠥᠰᠥᠨ ᠳ᠋ᠦ᠍ ᠪᠢ ᠠᠮᠢᠯᠠᠵᠤ
ᠲᠦᠭᠰᠢᠬᠦ ᠵᠢᠷᠦᠬᠡᠨ ᠦ᠌ ᠰᠤᠳᠠᠯ ᠯᠤᠭᠰᠢᠭᠰᠠᠨ ᠶᠤᠮ᠂
ᠠᠷᠠᠳ ᠲᠦᠮᠡᠨ ᠰᠢᠷᠣᠢ ᠶ᠋ᠢ ᠨᠢ ᠡᠨᠡᠷᠢᠵᠦ
ᠠᠵᠤ ᠠᠮᠢᠳᠤᠷᠠᠯ ᠰᠢᠷᠣᠢ ᠳᠡᠭᠡᠷ᠎ᠡ ᠪᠤᠴᠠᠯᠵᠤ
ᠠᠵᠢᠯ ᠦᠢᠯᠡᠰ ᠰᠢᠷᠣᠢ ᠶ᠋ᠢ ᠴᠡᠴᠡᠭᠯᠡᠭᠦᠯᠵᠦ
ᠠᠳᠤᠭᠤ ᠮᠠᠯ ᠰᠢᠷᠣᠢ ᠳᠡᠭᠡᠷ᠎ᠡ ᠥᠳᠬᠡᠷᠡᠯᠡ᠃
ᠰᠠᠯᠬᠢ ᠬᠠᠤᠭᠢᠭᠰᠠᠨ ᠢᠰᠬᠡᠷᠬᠦ ᠦᠯᠢᠶᠡᠯᠲᠡ ᠳ᠋ᠦ᠍
ᠰᠠᠨᠠᠭ᠎ᠠ ᠪᠠᠨ ᠠᠯᠳᠠᠵᠤ ᠪᠢ ᠬᠡᠢᠰᠦᠭᠰᠡᠨ ᠦᠭᠡᠢ
ᠱᠠᠭᠢᠬᠤ ᠮᠥᠨᠳᠥᠷ ᠦ᠋ᠨ ᠬᠦᠴᠦᠲᠦ ᠴᠣᠬᠢᠯᠲᠠ ᠳ᠋ᠤ᠌
ᠰᠢᠪᠠᠷ ᠪᠣᠯᠵᠤ ᠪᠢ ᠤᠷᠤᠰᠤᠭᠰᠠᠨ ᠦᠭᠡᠢ
ᠭᠠᠯ ᠨᠠᠷᠠ ᠰᠢᠲᠠᠭᠠᠨ ᠲᠥᠭᠡᠨᠡᠯᠡ ᠭᠡᠳ
ᠭᠠᠩᠨᠠᠭᠳᠠᠵᠤ ᠪᠢ ᠴᠢᠯᠠᠭᠤᠵᠢᠬᠤ ᠪᠠᠷ ᠦᠭᠡᠢ
ᠭᠠᠷ ᠤ᠋ᠨ ᠪᠠᠷᠢᠴᠠ ᠬᠡᠭᠡᠯᠢ ᠠᠪᠤᠭᠠᠳ
ᠭᠠᠵᠠᠷ ᠢ᠋ᠶ᠋ᠠᠨ ᠵᠥᠭᠡᠭᠡᠵᠦ ᠶᠠᠪᠤᠬᠤ ᠪᠠᠷ ᠦᠭᠡᠢ
ᠭᠠᠩ ᠵᠤᠨ ᠳ᠋ᠤ᠌ ᠴᠢᠭᠢᠭᠯᠡᠬᠦ ᠦᠨᠳᠦᠰᠦ ᠲᠡᠢ
ᠭᠠᠮᠰᠢᠭ ᠡᠪᠦᠯ ᠢᠯᠴᠢᠯᠡᠬᠦ ᠳᠥᠯᠥ ᠲᠡᠢ
ᠡᠬᠡ ᠣᠷᠣᠨ ᠤ᠋ ᠨᠤᠲᠤᠭ ᠬᠠᠶᠠᠭ ᠶᠤᠮ
ᠡᠷ᠎ᠡ ᠮᠢᠨᠦ ᠭᠣᠯᠣᠮᠲᠠ ᠰᠢᠷᠣᠢ ᠶᠤᠮ᠃
ᠵᠢᠷᠠᠭᠠᠳ ᠣᠨ ᠤ᠋ ᠠᠨᠵᠢᠰᠤᠨ ᠤ᠋ ᠰᠡᠵᠢᠭᠦᠷ ᠲᠦ᠍
ᠵᠠᠳᠠ ᠴᠢᠴᠢᠭᠳᠡᠭᠡᠳ ᠰᠢᠷᠬ᠎ᠠ ᠬᠤᠪᠢᠯᠤᠭᠰᠠᠨ ᠴᠤ᠌
ᠵᠠᠶᠠᠭ᠎ᠠ ᠲᠠᠪᠢᠯᠠᠩ ᠨᠤᠲᠤᠭ ᠲᠠᠭᠠᠨ ᠪᠣᠯᠬᠣᠷ
ᠵᠠᠩᠭᠠᠨ ᠤ᠋ ᠬᠦᠦ ᠪᠡᠨ ᠬᠥᠷᠥᠰᠥ ᠡᠳᠡᠭᠡᠭᠰᠡᠨ ᠶᠦᠮ᠃
ᠬᠠᠷ᠎ᠠ᠂ ᠴᠠᠭᠠᠨ ᠤ᠋ ᠵᠤᠳ ᠤ᠋ᠨ ᠲᠠᠷᠴᠢᠯᠠᠯ ᠳ᠋ᠤ᠌
ᠬᠠᠯᠴᠢᠢᠵᠤ ᠡᠯᠡᠰᠦᠵᠢᠭᠡᠳ ᠮᠠᠩᠬᠠᠨ ᠪᠣᠯᠤᠭᠰᠠᠨ ᠴᠤ᠌
ᠬᠠᠪᠤᠷ ᠨᠠᠮᠤᠷ ᠲᠠᠢ ᠴᠠᠭ ᠤ᠋ᠨ ᠵᠢᠮ᠎ᠡ ᠪᠡᠷ
ᠬᠠᠯᠠᠭᠤᠨ ᠠᠮᠢ ᠮᠢᠨᠢ ᠳᠠᠬᠢᠨ ᠰᠡᠷᠭᠦᠭᠰᠡᠨ ᠶᠦᠮ᠃
ᠭᠢᠰᠬᠢᠵᠦ ᠶᠠᠪᠤᠬᠤ ᠬᠥᠮᠦᠨ ᠪᠦᠬᠦᠨ
ᠭᠡᠳᠡᠷᠭᠦ᠂ ᠰᠥᠭᠡᠷᠭᠦ ᠪᠡᠨ ᠮᠥᠷ ᠢ᠋ᠶ᠋ᠡᠨ ᠬᠠᠷᠠᠪᠠᠯ
ᠠᠯᠬᠤᠭᠰᠠᠨ ᠮᠥᠷ ᠨᠢ ᠨᠠᠮᠲᠠᠷ ᠬᠠᠨᠳᠢᠪᠯᠠᠬᠤ
ᠠᠷᠢᠭᠤᠨ ᠦᠰᠦᠭ ᠨᠢ ᠪᠢ ᠪᠠᠢᠳᠠᠭ ᠰᠠᠨ᠂
ᠦᠰᠦᠭ ᠪᠣᠯᠵᠤ ᠪᠢ ᠦᠷᠦᠭᠳᠡᠬᠦ ᠳ᠋ᠡᠭᠡᠨ
ᠥᠩᠭᠡ ᠨᠢ ᠬᠥᠬᠡ ᠬᠠᠪᠢᠰᠤ ᠲᠠᠢ ᠶᠤᠮ᠃
ᠦᠢᠯᠡᠰ ᠰᠤᠪᠤᠳᠷᠠᠬᠤ ᠨᠤᠲᠤᠭ ᠤ᠋ᠨ ᠡᠯᠢᠭᠡᠨ ᠳ᠋ᠡᠭᠡᠨ
ᠥᠨᠢᠳᠡ ᠶ᠋ᠢᠨ ᠲᠠᠩᠭᠠᠷᠢᠭ ᠰᠢᠷᠣᠢ ᠨᠡᠷᠡᠲᠡᠢ ᠶᠦᠮ᠂
ᠬᠣᠯᠠ ᠭᠠᠵᠠᠷ ᠰᠠᠯᠬᠤ ᠬᠥᠮᠦᠰ ᠴᠦ᠍
ᠬᠣᠪᠣᠷ ᠡᠷᠳᠡᠨᠢ ᠪᠡᠷ ᠨᠠᠩᠭᠢᠯᠠᠵᠤ ᠶᠠᠪᠤᠳᠠᠭ᠂
ᠬᠣᠷᠣᠮ ᠲᠡᠳᠦᠢ ᠴᠦ᠍ ᠡᠮ ᠨᠢ ᠪᠣᠯᠵᠤ
ᠬᠣᠷᠸ᠎ᠠ ᠳ᠋ᠤ᠌ ᠠᠮᠢᠳᠤᠷᠠᠬᠤ ᠲᠠᠮᠢᠷ ᠨᠢ ᠪᠣᠯᠳᠠᠭ
ᠬᠠᠷᠠᠵᠤ ᠦᠵᠡᠬᠦ ᠳ᠋ᠦ᠍ ᠪᠣᠷᠣᠬᠠᠨ ᠴᠢᠷᠠᠢ ᠲᠠᠢ ᠴᠤ᠌
ᠬᠠᠯᠲᠠᠷ ᠭᠡᠵᠦ ᠵᠢᠭᠰᠢᠬᠦ ᠬᠡᠷᠡᠭ ᠦᠭᠡᠢ
ᠬᠠᠷ᠎ᠠ ᠰᠠᠨᠠᠭ᠎ᠠ ᠶ᠋ᠢ ᠰᠦ ᠪᠡᠷ ᠤᠬᠢᠶᠠᠬᠤ
ᠬᠠᠷᠢᠨ ᠪᠢ ᠮᠣᠩᠭᠣᠯ ᠶᠤᠮ᠃
ᠪᠢ ᠪᠣᠯ ᠨᠤᠲᠤᠭ ᠤ᠋ᠨ
ᠰᠢᠷᠣᠢ
ᠪᠡᠨ᠎ᠡ ᠥᠷᠲᠡᠭ ᠲᠦ᠍
ᠦᠯᠡᠯᠵᠡᠬᠦ ᠪᠡᠷ ᠦᠭᠡᠢ
ᠲᠦᠮᠡᠨ ᠣᠨ ᠤ᠋ ᠡᠷᠭᠢᠬᠦ
ᠬᠦᠷᠳᠦᠨ ᠳ᠋ᠦ᠍
ᠲᠡᠦᠬᠡ ᠪᠠᠭᠰᠢ ᠲᠠᠢ
ᠨᠠᠰᠤ ᠶ᠋ᠢ ᠪᠠᠷᠠᠭᠠᠨᠠᠮ᠃
ᠢᠷᠡᠯᠲᠡ᠄ ᠴᠣ᠂ ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 05 08
