ᠢᠨᠠᠭᠯᠠᠬᠤᠢ ᠨᠢᠭᠤᠴᠠ ᠨᠤᠮᠸᠷ - ᠶᠣᠨᠳᠣᠨ ᠤ ᠪᠢᠯᠢᠭ᠌ - ᠪᠠᠭᠠᠲᠤᠷ Янаглахуй нууц номер - Ёндоны Билиг - Баатар
ᠢᠨᠠᠭᠯᠠᠬᠤᠢ ᠨᠢᠭᠤᠴᠠ ᠨᠤᠮᠸᠷ
ᠮᠢᠨᠦ ᠰᠠᠢᠬᠠᠨ ᠴᠠᠬᠠᠷ ᠤ᠋ᠨ ᠲᠡᠭᠦᠰ ᠭᠠᠢᠬᠠᠮᠰᠢᠭ
ᠴᠠᠭᠠᠨ ᠳ᠋ᠠᠷᠢ ᠡᠬᠡ ᠶ᠋ᠢᠨ ᠭᠡᠭᠡᠨ ᠪᠦᠷᠢᠯᠸ᠎ᠠ
ᠴᠠᠳᠬᠤᠯᠠᠩ ᠢᠨᠠᠭᠯᠠᠬᠤ ᠨᠢᠭᠤᠴᠠ ᠨᠣᠮᠧᠷ ᠮᠢᠨᠢ
ᠴᠠᠯᠭᠢᠯᠤᠮ᠎ᠠ ᠤᠷᠤᠰᠤᠮ᠎ᠠ ᠨᠠᠢᠷᠠᠭ ᠤ᠋ᠨ ᠮᠢᠨᠢ
ᠴᠢᠳᠬᠤᠯᠠᠮ᠎ᠠ ᠬᠠᠩᠬᠤᠯᠤᠮ᠎ᠠ ᠡᠬᠢ ᠪᠤᠯᠠᠭ ᠮᠢᠨᠢ
ᠴᠢᠮ᠎ᠠ ᠠ᠋ᠴᠠ ᠪᠠᠨ ᠪᠢ ᠳᠡᠩᠳᠡᠭᠦᠦ ᠠᠯᠤᠰ ᠴᠤ᠌
ᠴᠢᠮᠠᠶ᠋ᠢ ᠪᠠᠨ ᠵᠡᠭᠦᠳᠦᠨ ᠳ᠋ᠡᠭᠡᠨ ᠥᠨᠢ ᠰᠠᠬᠢᠨᠠᠮ
99999999 ᠡᠴᠡ333333333 ᠳ᠋ᠤ᠌ ᠬᠦᠷᠬᠦ
ᠶᠠᠷᠢ ᠶᠢᠰᠦᠨ ᠲᠡᠭᠷᠢ ᠶ᠋ᠢᠨ ᠨᠢᠭᠤᠴᠠ ᠨᠣᠮᠧᠷ
ᠮᠥᠩ ᠲᠡᠭᠷᠢ ᠶ᠋ᠢᠨ ᠭᠠᠯ ᠣᠷᠳᠣᠨ ᠳ᠋ᠤ᠌ ᠪᠣᠢ
ᠮᠢᠨᠦ ᠵᠢᠷᠦᠬᠡ ᠶᠠᠭ ᠲᠡᠨᠳᠡ ᠳᠦᠷᠡᠯᠵᠢᠵᠦ ᠪᠣᠢ
ᠳᠡᠷᠭᠡᠳᠡ ᠨᠢ ᠲᠠ ᠲᠡᠷᠯᠢᠭ ᠢ᠋ᠶ᠋ᠡᠨ ᠲᠠᠢᠴᠢᠵᠤ
ᠳᠡᠯᠡᠬᠡᠢ ᠶᠡᠬᠡ ᠬᠠᠢᠷ᠎ᠠ ᠳ᠋ᠤ᠌ ᠨᠢᠯᠬᠠᠷᠠᠨᠠᠮ ᠤᠤ
ᠨᠠᠷᠮᠠᠢ ᠳᠠᠶᠠᠭᠠᠷ ᠢ᠋ᠶ᠋ᠠᠨ ᠴᠡᠪᠡᠷ ᠠᠭᠠᠷ ᠢ᠋ᠶ᠋ᠠᠷ ᠯᠠ
ᠨᠠᠮ᠎ᠠ ᠴᠢᠮ᠎ᠠ ᠶᠢ ᠲᠣᠭᠣᠷᠢᠨ ᠠᠮᠢᠰᠬᠤᠯᠠᠮᠤᠢ
ᠲᠠ ᠪᠢᠳᠡᠨ ᠦ᠌ ᠢᠨᠠᠭᠯᠠᠬᠤᠢ
ᠨᠢᠭᠤᠴᠠ ᠨᠣᠮᠧᠷ ᠪᠥᠬᠥᠨ
ᠲᠠᠭᠠᠨᠠᠨ ᠴᠠᠭᠠᠨ ᠰᠠᠯᠬᠢ ᠰᠢᠭ᠋
ᠠᠩᠬᠢᠯᠤᠮ᠎ᠠ ᠠᠮᠲᠠᠲᠠᠢ ᠁
ᠣᠨᠢᠰᠣᠭ᠎ᠠ ᠰᠢᠭ᠋ ᠨᠢᠭᠤᠴᠠ ᠵᠣᠷ ᠢ᠋
ᠣᠯᠵᠤ ᠳᠠᠭᠠᠭᠠᠬᠤ ᠬᠥᠮᠦᠰ ᠲᠢᠭ ᠠ᠋ ᠁
2024᠂ 5᠂ 5᠃ ᠦᠳᠡᠰᠢ᠃
ᠠᠯᠲᠠᠨ ᠨᠤᠲᠤᠭ ᠤᠨ ᠴᠡᠩᠬᠡᠷ ᠣᠷᠭᠢᠯᠲᠤ
ᠣᠷᠣᠨ ᠰᠠᠭᠤᠴᠠ ᠶᠢᠨ ᠬᠣᠷᠣᠭᠠᠯᠠᠯ ᠳᠠᠭᠠᠨ
ᠬᠥᠬᠡᠬᠣᠲᠠᠨ᠎ᠠ ᠪᠦᠲᠦᠭᠡᠪᠡᠢ᠃
